ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠣᠱᠤᠳ ᠤᠨ ᠠᠪᠠᠯᠢ ᠲᠠᠢᠵᠢ ᠵᠢᠨ ᠳᠣᠮᠤᠭ ᠶᠠᠷᠢᠶᠠᠨ ᠤ᠋ ᠰᠤᠳᠤᠯᠤᠯ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠦ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ -> 201705
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/09/11
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠠ᠊ ᠪᠠᠰᠠᠩ
ᠵᠠᠩᠭᠢᠯᠠᠭ᠎ᠠ ᠦᠭᠡ᠄ ᠣᠢᠷᠠᠳ ᠮᠣᠩᠭᠤᠯ︔ ᠠᠪᠠᠯᠢ ᠲᠠᠢᠵᠢ︔ ᠲᠡᠦᠬᠡ ᠪᠢᠴᠢᠯᠭᠡ ᠳᠣᠮᠤᠭ ᠶᠠᠷᠢᠶ᠎ᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠠᠪᠠᠯᠢ ᠲᠠᠢᠵᠢ ᠪᠣᠯ17 ᠳ᠋ᠤᠭᠠᠷ ᠵᠠᠭᠤᠨ ᠤ᠋ ᠣᠢᠷᠠᠳ ᠤᠨ ᠲᠡᠦᠬᠡᠨ  ᠳ᠋ᠦ᠍ ᠬᠢ ᠠᠯᠳᠠᠷ ᠨᠡᠷ᠎ᠡ ᠲᠠᠢ ᠲᠣᠮᠤ ᠢᠵᠠᠭᠤᠷᠲᠠᠨ ᠪᠣᠯᠬᠤ ᠪᠠᠷ ᠦᠯᠦ ᠪᠠᠷᠠᠨ ᠬᠠᠰᠠᠭ᠂ ᠣᠷᠤᠰᠴᠤᠳ ᠤᠨ ᠳᠤᠮᠳᠠ ᠴᠤ᠌ ᠶᠡᠬᠡ ᠨᠥᠯᠦᠭᠡ ᠲᠤᠰᠭᠠᠯ ᠲᠠᠢ ᠪᠠᠢᠵᠤ᠂ ᠣᠷᠤᠰ ᠤᠨ ᠴᠠᠭᠠᠨ ᠬᠠᠭᠠᠨ ᠠ᠋ᠴᠠ ᠱᠠᠩᠨᠠᠯ ᠬᠥᠬᠢᠭᠦᠯᠦᠯ ᠬᠦᠷᠲᠡᠵᠦ ᠪᠠᠢᠭᠰᠠᠨ ᠲᠡᠦᠬᠡᠨ ᠬᠥᠮᠦᠨ ᠪᠣᠯᠤᠨ᠎ᠠ᠃ ᠢᠯᠠᠩᠭᠤᠶ᠎ᠠ ᠲᠡᠷᠡ ᠪᠡᠷ17 ᠳ᠋ᠤᠭᠠᠷ ᠵᠠᠭᠤᠨ ᠤ᠋ ᠳᠠᠯᠠᠭᠠᠳ ᠣᠨ ᠤ᠋ ᠤᠷᠢᠳ ᠬᠣᠵᠢᠳ ᠴᠡᠷᠢᠭ ᠦ᠋ᠨ ᠬᠦᠴᠦ ᠪᠡᠷ ᠲᠣᠷᠭᠤᠳ ᠬᠠᠭᠠᠨᠲᠤ ᠤᠯᠤᠰ ᠢ᠋ ᠡᠵᠡᠯᠡᠨ ᠠᠪᠴᠤ ᠬᠠᠭᠠᠨ ᠰᠠᠭᠤᠭᠰᠠᠨ ᠲᠡᠦᠬᠡᠲᠦ ᠦᠢᠯᠡ ᠶᠠᠪᠤᠳᠠᠯ ᠪᠣᠯ ᠣᠢᠷᠠᠳ ᠤᠨ ᠲᠡᠦᠬᠡᠨ ᠳ᠋ᠦ᠍ ᠬᠢ ᠴᠢᠬᠤᠯᠠ ᠶᠡᠬᠡ ᠬᠡᠷᠡᠭ ᠤᠴᠢᠷ ᠪᠣᠯᠬᠤ ᠶᠤᠮ᠃ ᠲᠤᠰ ᠥᠭᠦᠯᠡᠯ ᠳ᠋ᠦ᠍ ᠭᠣᠣᠯᠳᠠᠭᠤ ᠠᠪᠠᠯᠢ ᠲᠠᠢᠵᠢ ᠲᠠᠢ ᠬᠣᠯᠪᠤᠭᠳᠠᠭᠰᠠᠨ ᠳᠣᠮᠤᠭ ᠶᠠᠷᠢᠶᠠᠨ ᠳ᠋ᠤ᠌ ᠰᠠᠭᠤᠷᠢᠯᠠᠵᠤ᠂ ᠬᠣᠱᠤᠳ ᠤᠨ ᠠᠪᠠᠯᠢ ᠲᠠᠢᠵᠢ  ᠠ᠋ᠴᠠ ᠲᠣᠷᠭᠤᠳ ᠢ᠋ ᠳᠠᠢᠯᠠᠭᠰᠠᠨ ᠶᠠᠪᠤᠳᠠᠯ ᠬᠢᠭᠡᠳ ᠲᠣᠷᠭᠤᠳ ᠠ᠋ᠴᠠ ᠠᠪᠠᠯᠢ ᠲᠠᠢᠵᠢ ᠶ᠋ᠢ ᠳᠠᠷᠤᠭᠰᠠᠨ ᠲᠡᠦᠬᠡ ᠵᠢᠨ ᠬᠡᠷᠡᠭ ᠶᠠᠪᠤᠳᠠᠯ ᠳ᠋ᠤ᠌ ᠬᠣᠯᠪᠤᠭᠳᠠᠬᠤ ᠪᠢᠴᠢᠭ ᠦ᠋ᠨ ᠲᠡᠦᠬᠡ ᠵᠢᠨ ᠵᠠᠷᠢᠮ ᠪᠠᠯᠠᠷᠬᠠᠢ ᠬᠡᠰᠡᠭ ᠢ᠋ ᠠᠮᠠᠨ ᠲᠡᠦᠬᠡ ᠪᠡᠷ ᠨᠥᠬᠦᠪᠦᠷᠢᠯᠡᠬᠦ ᠶ᠋ᠢ ᠵᠣᠷᠢᠪᠠ᠃