ᠬᠡᠯᠡᠨ ᠦ ᠠᠮᠢ ᠠᠬᠤᠢ ᠶᠢᠨ ᠰᠢᠭᠦᠮᠵᠢᠯᠡᠯ ᠊᠊᠊20 ᠳ᠋ᠤᠭᠠᠷ ᠵᠠᠭᠤᠨ ᠤ ᠵᠢᠷᠠᠭᠠᠳ ᠣᠨ ᠤ ᠤᠯᠤᠰ ᠲᠥᠷᠦ ᠭᠦᠨ ᠤᠬᠠᠭᠠᠨ ᠤ ᠵᠢᠭᠡᠯᠡᠮᠡᠯ ᠨᠡᠷ᠎ᠡ ᠲᠣᠮᠢᠶ᠎ᠠ ᠶᠢ ᠵᠠᠳᠠᠯᠬᠤ ᠨᠢ
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201509
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/04
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠯ· ᠲᠣᠭᠲᠠᠮᠪᠠᠶᠠᠷ
ᠵᠠᠩᠭᠢᠯᠠᠭ᠎ᠠ ᠦᠭᠡ᠄ ᠠᠮᠢ ᠠᠬᠤᠢ ᠶᠢᠨ ᠬᠡᠯᠡ ᠰᠢᠨᠵᠢᠯᠡᠯ ᠬᠡᠯᠡᠨ ᠦ ᠪᠦᠲᠦᠴᠡ ᠶᠢᠨ ᠰᠢᠰᠲ᠋ᠧᠮ ᠦᠨ ᠬᠤᠪᠢᠷᠠᠯᠲᠠ ᠵᠢᠭᠡᠯᠡᠮᠡᠯ ᠨᠡᠷ᠎ᠡ ᠲᠣᠮᠢᠶ᠎ᠠ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠤᠨ ᠣ ᠳᠡᠭᠡᠳᠦ ᠰᠤᠷᠭᠠᠭᠤᠯᠢ ᠶᠢᠨ ᠰᠢᠨᠵᠢᠯᠡᠬᠦ ᠤᠬᠠᠭᠠᠨ ᠣ ᠰᠤᠳᠤᠯᠭᠠᠨ ᠣ ᠰᠡᠳᠦᠪ ᠊᠊ ︽ ᠮᠣᠩᠭᠣᠯ ᠬᠡᠯᠡᠨ ᠣ ᠠᠮᠢᠵᠢᠷᠠᠯ ᠤᠨ ᠬᠦᠴᠦᠨ ᠣ ᠲᠤᠬᠠᠢ ᠠᠮᠢ ᠠᠬᠤᠢ ᠶᠢᠨ ᠤᠬᠠᠭᠠᠨ ᠣ ᠲᠠᠢᠯᠪᠤᠷᠢᠯᠠᠯ ︾ ᠤᠨ ᠬᠡᠰᠡᠭ ᠠᠭᠤᠯᠭ᠎ᠠ ᠮᠥᠨ ᠃ ᠵᠥᠪᠰᠢᠶᠡᠷᠡᠭᠰᠡᠨ ᠨᠣᠮᠧᠷ ᠄ NJSY13335 ᠃
ᠠᠭᠤᠯᠭ᠎ᠠ ᠶ᠋ᠢᠨ ᠲᠣᠪᠴᠢ᠄ ᠬᠡᠯᠡᠨ ᠦ ᠠᠮᠢ ᠠᠬᠤᠢ ᠶᠢᠨ ᠰᠢᠭᠦᠮᠵᠢᠯᠡᠯ ᠪᠣᠯ ᠠᠮᠢ ᠠᠬᠤᠢ ᠶᠢᠨ ᠬᠡᠯᠡ ᠰᠢᠨᠵᠢᠯᠡᠯ ᠦᠨ ᠴᠢᠬᠤᠯᠠ ᠨᠢᠭᠡ ᠰᠤᠳᠤᠯᠤᠭᠳᠠᠬᠤᠨ ᠮᠥᠨ ᠃ ᠬᠡᠯᠡᠨ ᠦ ᠠᠮᠢ ᠠᠬᠤᠢ ᠶᠢᠨ ᠰᠢᠭᠦᠮᠵᠢᠯᠡᠯ ᠭᠡᠳᠡᠭ ᠨᠢ ᠬᠡᠯᠡᠨ ᠦ ᠣᠨᠴᠠᠯᠢᠭ ᠪᠠ ᠳᠦᠷᠢᠮ ᠢ ᠠᠰᠢᠭᠯᠠᠵᠤ ᠂ ᠬᠡᠯᠡᠨ ᠦ ᠪᠦᠲᠦᠴᠡ ᠶᠢᠨ ᠰᠢᠰᠲ᠋ᠧᠮ ᠦᠨ ᠬᠤᠪᠢᠷᠠᠯᠲᠠ ᠪᠣᠯᠣᠨ ᠬᠡᠯᠡᠨ ᠦ ᠪᠣᠬᠢᠷᠲᠤᠯ ᠢ ᠰᠢᠭᠦᠮᠵᠢᠯᠡᠨ ᠦᠨᠡᠯᠡᠵᠦ ᠂ ᠲᠡᠭᠦᠨ ᠦ ᠪᠣᠢ ᠪᠣᠯᠤᠭᠰᠠᠨ ᠰᠢᠯᠲᠠᠭᠠᠨ ᠪᠠ ᠬᠡᠯᠡᠨ ᠳᠡᠬᠢ ᠨᠥᠯᠦᠭᠡᠯᠡᠯ ᠢ᠋ ᠰᠦᠪᠡᠭᠴᠢᠯᠡᠬᠦ ᠰᠢᠨᠵᠢᠯᠡᠭᠡᠨ ᠶᠤᠮ ᠃ ᠥᠭᠦᠯᠡᠯ ᠳᠦ 20 ᠲᠤᠭᠠᠷ ᠵᠠᠭᠤᠨ ᠤ ᠵᠢᠷᠠᠭᠠᠳ ᠣᠨ ᠤ ᠦᠶᠡᠰ ᠦᠨ ᠤᠯᠤᠰ ᠲᠥᠷᠥ ᠭᠦᠨ ᠤᠬᠠᠭᠠᠨ ᠤ ᠥᠭᠦᠯᠡᠯ ᠵᠣᠬᠢᠶᠠᠯ ᠳᠤ ᠢᠯᠡᠷᠡᠭᠰᠡᠨ ᠵᠢᠭᠡᠯᠡᠮᠡᠯ ᠨᠡᠷ᠎ᠡ ᠲᠣᠮᠢᠶ᠎ᠠ ᠶᠢ ᠵᠠᠳᠠᠯᠵᠤ ᠰᠢᠨᠵᠢᠯᠡᠬᠦ ᠪᠡᠷ ᠳᠠᠮᠵᠢᠭᠤᠯᠤᠨ ᠬᠡᠯᠡᠨ ᠦ ᠠᠮᠢ ᠠᠬᠤᠢ ᠶᠢᠨ ᠰᠢᠭᠦᠮᠵᠢᠯᠡᠯ ᠦᠨ ᠤᠬᠠᠭᠳᠠᠬᠤᠨ ᠪᠣᠯᠣᠨ ᠶᠠᠪᠤᠴᠠ ᠂ ᠪᠤᠰᠤᠳ ᠬᠡᠯᠡᠨ ᠡᠴᠡ ᠨᠡᠷ᠎ᠡ ᠲᠣᠮᠢᠶ᠎ᠠ ᠶᠢ ᠵᠢᠭᠡᠯᠡᠬᠦ ᠳᠦ ᠪᠠᠷᠢᠮᠲᠠᠯᠠᠬᠤ ᠵᠠᠷᠴᠢᠮ ᠢ ᠰᠢᠨᠵᠢᠯᠡᠨ ᠭᠠᠷᠭᠠᠬᠤ ᠶᠢ ᠵᠣᠷᠢᠪᠠ ᠃