ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠣᠳᠣ ᠦᠶ᠎ᠡ ᠵᠢᠨ ᠮᠣᠩᠭᠤᠯᠴᠤᠳ ᠤ᠋ᠨ ᠤᠯᠠᠮᠵᠢᠯᠠᠯᠲᠤ ᠬᠡᠯᠡᠨ ᠦ᠌ ᠲᠣᠭᠯᠠᠭᠠᠮ ᠤ᠋ᠨ ᠲᠤᠬᠠᠢ ᠦᠵᠡᠯᠲᠡ ᠲᠠᠨᠢᠯᠲᠠ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201605
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/27
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠮᠥᠩᠭᠦᠨᠲᠤᠶᠠᠭ᠎ᠠ
ᠵᠠᠩᠭᠢᠯᠠᠭ᠎ᠠ ᠦᠭᠡ᠄ ᠤᠯᠠᠮᠵᠢᠯᠠᠯᠲᠤ ᠬᠡᠯᠡᠨ ᠦ᠌ ᠲᠣᠭᠯᠠᠭᠠᠮ︔ ᠪᠠᠢᠴᠠᠭᠠᠯᠲᠠ︔ ᠦᠵᠡᠯᠲᠡ ᠲᠠᠨᠢᠯᠲᠠ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ20.5 ᠣᠨ ᠤ᠋ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ᠋ ᠦᠨᠳᠦᠰᠦᠲᠡᠨ ᠦ᠌ ᠵᠥᠪᠯᠡᠯ ᠦ᠋ᠨ ᠮᠣᠩᠭᠤᠯ ᠦᠭᠡ ᠬᠡᠯᠡ ᠦᠰᠦᠭ ᠪᠢᠴᠢᠭ ᠦ᠋ᠨ ᠰᠤᠳᠤᠯᠭᠠᠨ ᠤ᠋ ᠰᠡᠳᠦᠪ︱︽ ᠮᠣᠩᠭᠤᠯ ᠦᠨᠳᠦᠰᠦᠲᠡᠨ ᠦ᠌ ᠤᠯᠠᠮᠵᠢᠯᠠᠯᠲᠤ ᠬᠡᠯᠡᠨ ᠦ᠌ ᠲᠣᠭᠯᠠᠭᠠᠮ ᠤ᠋ᠨ ᠪᠠᠯᠴᠢᠷ ᠬᠡᠦᠬᠡᠳ ᠦ᠋ᠨ ᠬᠡᠯᠡᠨ ᠦ᠌ ᠰᠤᠷᠭᠠᠨ ᠬᠥᠮᠦᠵᠢᠯ  ᠳ᠋ᠡᠬᠢ ᠬᠡᠷᠡᠭᠯᠡᠭᠡᠨ ᠦ᠌ ᠲᠤᠬᠠᠢ ᠰᠤᠳᠤᠯᠤᠯ︾︵ ᠵᠥᠪᠰᠢᠶᠡᠷᠡᠭᠰᠡᠨ ᠨᠣᠮᠧᠷ ᠄ MW-YB-2015012︶ ᠤᠨ ᠱᠠᠲᠤᠴᠢ ᠴᠢᠨᠠᠷ ᠲᠠᠢ ᠪᠦᠲᠦᠭᠡᠯ ᠮᠥᠨ᠃
ᠠᠭᠤᠯᠭ᠎ᠠ ᠶ᠋ᠢᠨ ᠲᠣᠪᠴᠢ᠄ ᠮᠣᠩᠭᠤᠯᠴᠤᠳ ᠡᠷᠲᠡᠨ ᠡᠴᠡ ᠠᠪᠤᠭᠠᠳ ᠵᠤᠭ᠎ᠠ ᠵᠢᠷᠤᠭ᠎ᠠ ᠦᠭᠡ ᠶᠠᠷᠢᠵᠤ᠂ ᠣᠨᠢᠰᠤᠭ᠎ᠠ ᠳᠠᠭᠠᠪᠤᠷᠢ ᠳᠠᠭᠠᠯᠴᠠᠵᠤ᠂ ᠶᠢᠰᠦ ᠬᠡᠯᠡᠯᠴᠡᠨ ᠠᠷᠪᠠ ᠠᠰᠠᠭᠤᠯᠴᠠᠬᠤ ᠵᠡᠷᠭᠡ ᠰᠡᠴᠡᠨ ᠪᠤᠯᠢᠶᠠᠯᠳᠤᠬᠤ ᠨᠠᠭᠠᠳᠤᠮ ᠢ᠋ ᠬᠡᠦᠬᠡᠳ ᠤ᠋ᠨ ᠡᠳᠦᠷ ᠲᠤᠲᠤᠮ ᠤ᠋ᠨ ᠦᠢᠯᠡ ᠬᠥᠳᠡᠯᠪᠦᠷᠢ᠂ ᠦᠭᠡ ᠬᠡᠯᠡ ᠲᠠᠢ ᠨᠢ ᠤᠶᠠᠯᠳᠤᠭᠤᠯᠤᠨ ᠲᠣᠭᠯᠠᠵᠤ᠂ ᠡᠢᠮᠦᠷᠬᠦᠦ ᠬᠡᠯᠡᠨ ᠦ᠌ ᠲᠣᠭᠯᠠᠭᠠᠮ ᠢ᠋ᠶ᠋ᠠᠷ ᠬᠡᠦᠬᠡᠳ ᠤ᠋ᠨ ᠢ᠋ᠶ᠋ᠠᠨ ᠣᠶᠤᠨ ᠤᠬᠠᠭᠠᠨ ᠢ᠋ ᠨᠡᠬᠡᠭᠳᠡᠭᠦᠯᠳᠡᠭ ᠪᠠᠢᠭᠰᠠᠨ ᠶᠤᠮ᠃ ᠥᠭᠦᠯᠡᠯ ᠳ᠋ᠦ᠍ ᠪᠠᠯᠴᠢᠷ ᠬᠡᠦᠬᠡᠳ ᠦ᠋ᠨ ᠬᠡᠯᠡᠨ ᠦ᠌ ᠰᠤᠷᠭᠠᠨ ᠬᠥᠮᠦᠵᠢᠯ ᠳ᠋ᠦ᠍ ᠤᠯᠠᠮᠵᠢᠯᠠᠯᠲᠤ ᠬᠡᠯᠡᠨ ᠦ᠌ ᠲᠣᠭᠯᠠᠭᠠᠮ ᠢ᠋ ᠠᠭᠤᠰᠭᠠᠬᠤ ᠡᠭᠦᠳᠡᠨ ᠡᠴᠡ ᠪᠢᠳᠡ ᠪᠣᠳᠠᠲᠠᠢ ᠪᠠᠢᠴᠠᠭᠠᠯᠲᠠ ᠪᠠ ᠰᠤᠷᠪᠤᠯᠵᠢᠯᠠᠭ᠎ᠠ ᠪᠠᠷ ᠣᠳᠣᠬᠠᠨ ᠤ᠋ ᠮᠣᠩᠭᠤᠯᠴᠤᠳ ᠤ᠋ᠨ ᠤᠯᠠᠮᠵᠢᠯᠠᠯᠲᠤ ᠬᠡᠯᠡᠨ ᠦ᠌ ᠲᠣᠭᠯᠠᠭᠠᠮ ᠤ᠋ᠨ ᠪᠣᠯᠪᠠᠰᠤᠷᠠᠯ ᠢ᠋ ᠬᠢᠵᠦ ᠪᠠᠢᠭ᠎ᠠ ᠪᠠᠢᠳᠠᠯ ᠪᠠ ᠲᠡᠭᠦᠨ ᠦ᠌ ᠲᠤᠬᠠᠢ ᠦᠵᠡᠯᠲᠡ ᠲᠠᠨᠢᠯᠲᠠ  ᠶ᠋ᠢ ᠠᠵᠢᠭᠯᠠᠨ ᠣᠢᠯᠠᠭᠠᠭᠰᠠᠨ ᠪᠠᠢᠨ᠎ᠠ᠃