ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠮᠣᠩᠭᠤᠯᠴᠤᠳ ᠤ᠋ᠨ ᠡᠷᠲᠡ ᠦᠶ᠎ᠡ ᠵᠢᠨ ᠱᠠᠰᠢᠨ ᠤ᠋ ᠤᠬᠠᠮᠰᠠᠷ ᠬᠢᠭᠡᠳ︽ ᠡᠳᠦᠭᠡᠨ︾᠂︽ ᠪᠥᠬᠡ︾ ᠵᠢᠨ ᠤᠴᠢᠷ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201308
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/17
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠭ᠌᠊ ᠬᠠᠢᠷᠬᠠᠨ
ᠵᠠᠩᠭᠢᠯᠠᠭ᠎ᠠ ᠦᠭᠡ᠄ ᠮᠣᠩᠭᠤᠯᠴᠤᠳ ᠱᠠᠰᠢᠨ ᠤ᠋ ᠤᠬᠠᠮᠰᠠᠷ ᠡᠳᠦᠭᠡᠨ ᠪᠥᠬᠡ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠤᠯᠤᠰ ᠤ᠋ᠨ ᠰᠤᠷᠭᠠᠨ ᠬᠥᠮᠦᠵᠢᠯ ᠦ᠋ᠨ ᠶᠠᠮᠤᠨ ᠤ᠋ ᠨᠡᠢᠭᠡᠮ ᠦ᠋ᠨ ᠰᠢᠨᠵᠢᠯᠡᠬᠦ ᠤᠬᠠᠭᠠᠨ ᠤ᠋ ᠲᠥᠯᠦᠪᠵᠢᠭᠦᠯᠭᠡ ᠵᠢᠨ ᠰᠤᠳᠤᠯᠭᠠᠨ ᠤ᠋ ᠰᠡᠳᠦᠪ ᠦ᠋ᠨ ᠨᠢᠭᠡ ᠬᠡᠰᠡᠭ ᠮᠥᠨ᠃ ᠵᠥᠪᠰᠢᠶᠡᠷᠡᠭᠰᠡᠨ ᠨᠣᠮᠧᠷ᠄ 11YJA850002 ᠵᠣᠬᠢᠶᠠᠭᠴᠢ ᠵᠢᠨ ᠬᠠᠶᠢᠭ
ᠠᠭᠤᠯᠭ᠎ᠠ ᠶ᠋ᠢᠨ ᠲᠣᠪᠴᠢ᠄ ᠮᠣᠩᠭᠤᠯᠴᠤᠳ ᠤ᠋ᠨ ᠳᠤᠮᠳᠠ ᠡᠷᠲᠡᠨ ᠡᠴᠡ ᠤᠯᠠᠮᠵᠢᠯᠠᠯ ᠲᠠᠢ︽ ᠢᠳᠤᠭᠠᠨ︾︽ ᠪᠥᠬᠡ︾ ᠭᠡᠳᠡᠭ ᠬᠣᠶᠠᠷ ᠦᠭᠡ ᠪᠣᠯ ᠪᠥᠬᠡ ᠵᠢᠨ ᠱᠠᠰᠢᠨ ᠤ᠋ ᠴᠢᠬᠤᠯᠠ ᠪᠥᠭᠡᠳ ᠦᠨᠳᠦᠰᠦᠨ ᠬᠣᠶᠠᠷ ᠤᠬᠠᠭᠳᠠᠬᠤᠨ ᠮᠥᠨ᠂ ᠪᠥᠬᠡ ᠵᠢᠨ ᠱᠠᠰᠢᠨ ᠪᠣᠯ ᠠᠯᠲᠠᠢ ᠢᠵᠠᠭᠤᠷ ᠬᠡᠯᠡᠲᠦ ᠦᠨᠳᠦᠰᠦᠲᠡᠨ ᠦ᠌ ᠳᠤᠮᠳᠠ ᠤᠵᠠᠭᠤᠷ ᠡᠷᠲᠡᠨ ᠳ᠋ᠦ᠍ ᠡᠭᠦᠰᠴᠦ ᠳᠡᠯᠭᠡᠷᠡᠭᠰᠡᠨ ᠦᠵᠡᠯ ᠤᠬᠠᠮᠰᠠᠷ ᠤ᠋ᠨ ᠬᠡᠯᠪᠡᠷᠢ ᠮᠥᠨ ᠪᠥᠭᠡᠳ ᠡᠷᠲᠡᠨ ᠦ᠌ ᠬᠥᠮᠦᠰ ᠦ᠋ᠨ︽ ᠲᠦᠮᠡᠨ ᠪᠣᠳᠠᠰ ᠲᠤ᠌ ᠰᠦᠭ ᠰᠦᠨᠡᠰᠦ ᠲᠠᠢ︾ ᠭᠡᠬᠦ ᠰᠦᠨᠡᠰᠦᠨ ᠤ᠋ ᠣᠨᠤᠯ ᠢ᠋ᠶ᠋ᠠᠷ ᠡᠭᠦᠰᠦᠭᠰᠡᠨ ᠪᠠᠯᠠᠷᠯᠢᠭ ᠱᠠᠰᠢᠨ ᠶᠤᠮ᠃ ᠢᠳᠤᠭᠠᠨ ᠪᠠ ᠪᠥᠬᠡ ᠨᠢ ᠠᠳᠠᠯᠢ ᠪᠤᠰᠤ ᠴᠠᠭ ᠦᠶ᠎ᠡ ᠳ᠋ᠦ᠍ ᠡᠭᠦᠰᠦᠭᠰᠡᠨ ᠪᠥᠭᠡᠳ ᠬᠥᠮᠦᠨ ᠲᠥᠷᠦᠯᠬᠢᠲᠡᠨ ᠦ᠌ ᠨᠡᠢᠭᠡᠮ ᠦ᠋ᠨ ᠬᠥᠭᠵᠢᠯ ᠬᠤᠪᠢᠰᠤᠯ ᠤ᠋ᠨ ᠠᠳᠠᠯᠢ ᠪᠤᠰᠤ ᠴᠠᠭ ᠦᠶ᠎ᠡ ᠲᠠᠢ ᠰᠢᠭᠤᠳ ᠬᠣᠯᠪᠤᠭᠳᠠᠵᠤ ᠪᠠᠢᠨ᠎ᠠ᠃ ᠥᠭᠦᠯᠡᠯ ᠳ᠋ᠦ᠍ ᠡᠷᠲᠡᠨ ᠦ᠌ ᠮᠣᠩᠭᠤᠯᠴᠤᠳ ᠤ᠋ᠨ ᠡᠳᠦᠭᠡᠨ᠂ ᠲᠡᠭᠷᠢ ᠵᠢᠨ ᠰᠢᠲᠦᠯᠭᠡ ᠪᠣᠯᠤᠨ ᠦᠷᠡᠵᠢᠯ ᠲᠥᠯᠵᠢᠯ ᠢ᠋ ᠬᠥᠭᠡᠭᠡᠴᠡᠯᠳᠦᠭᠰᠡᠨ ᠪᠡᠯᠭᠡ ᠵᠢᠨ ᠰᠢᠲᠦᠯᠭᠡ ᠪᠠ ᠠᠮᠢ ᠵᠢᠨ ᠰᠢᠲᠦᠯᠭᠡ ᠵᠡᠷᠭᠡ ᠱᠠᠰᠢᠨᠯᠢᠭ ᠢᠵᠠᠭᠤᠷ ᠤᠬᠠᠮᠰᠠᠷ ᠢ᠋ ᠰᠢᠨᠵᠢᠯᠡᠨ ᠲᠣᠳᠤᠷᠠᠭᠤᠯᠬᠤ ᠵᠢᠨ ᠬᠠᠮᠲᠤ ᠬᠥᠮᠦᠨ ᠪᠠ ᠪᠠᠢᠭᠠᠯᠢ︵ ᠰᠠᠬᠢᠭᠤᠯᠰᠤᠨ︶ ᠵᠢᠨ ᠬᠣᠭᠤᠷᠤᠨᠳᠤ ᠵᠠᠭᠤᠴᠢ ᠳᠠᠮᠵᠢᠭ᠎ᠠ ᠪᠣᠯᠳᠠᠭ︽ ᠢᠳᠤᠭᠠᠨ︾᠂︽ ᠪᠥᠬᠡ︾ ᠶ᠋ᠢ ᠦᠭᠡ ᠵᠢ ᠭᠠᠷᠤᠯ ᠤ᠋ᠨ ᠲᠠᠯ᠎ᠠ ᠠ᠋ᠴᠠ ᠰᠤᠳᠤᠯᠤᠨ ᠰᠢᠨᠵᠢᠯᠡᠵᠦ᠂ ᠲᠡᠳᠡᠭᠡᠷ ᠨᠢ ᠡᠷᠲᠡᠨ ᠦ᠌ ᠮᠣᠩᠭᠤᠯᠴᠤᠳ ᠤ᠋ᠨ ᠦᠷᠡᠵᠢᠯ ᠦ᠋ᠨ ᠰᠢᠲᠦᠯᠭᠡ ᠪᠤᠶᠤ ᠪᠡᠯᠭᠡ ᠵᠢᠨ ᠰᠢᠲᠦᠯᠭᠡ ᠲᠠᠢ ᠨᠢᠭᠲᠠ ᠬᠠᠷᠢᠴᠠᠭ᠎ᠠ ᠲᠠᠢ ᠭᠡᠵᠦ ᠭᠠᠷᠤᠯ ᠵᠦᠢ ᠵᠢᠨ ᠲᠣᠳᠤᠷᠬᠠᠢᠯᠠᠯᠲᠠ ᠬᠢᠵᠡᠢ᠃