ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠴᠡᠭᠡᠷᠯᠡᠨ ᠨᠡᠷᠡᠯᠡᠬᠦ᠂ ᠬᠦᠨᠳᠦᠳᠭᠡᠨ ᠨᠡᠷᠡᠯᠡᠬᠦ᠂ ᠡᠶᠡᠷᠡᠭᠦᠯᠦᠨ ᠨᠡᠷᠡᠯᠡᠬᠦ ᠦᠵᠡᠭᠳᠡᠯ ᠦ᠋ᠨ ᠦᠭᠡ ᠵᠢᠨ ᠤᠳᠭ᠎ᠠ ᠳ᠋ᠠᠬᠢ ᠲᠤᠰᠭᠠᠯ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201301
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/15
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠴᠡᠪᠡᠷᠬᠠᠰ
ᠵᠠᠩᠭᠢᠯᠠᠭ᠎ᠠ ᠦᠭᠡ᠄ ᠳᠠᠭᠤᠷ ᠬᠡᠯᠡ ᠪᠠ ᠮᠣᠩᠭᠤᠯ ᠬᠡᠯᠡ ᠢᠵᠢᠯᠢ ᠭᠠᠷᠤᠯ ᠲᠠᠢ ᠦᠭᠡ ᠦᠭᠡ ᠵᠢᠨ ᠤᠳᠭ᠎ᠠ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠪᠣᠯ ᠤᠯᠤᠰ ᠤ᠋ᠨ ᠰᠤᠷᠭᠠᠨ ᠬᠥᠮᠦᠵᠢᠯ ᠦ᠋ᠨ ᠶᠠᠮᠤᠨ ᠤ᠋ ᠨᠡᠢᠭᠡᠮ ᠦ᠋ᠨ ᠰᠢᠨᠵᠢᠯᠡᠬᠦ ᠤᠬᠠᠭᠠᠨ ᠤ᠋ ᠵᠠᠯᠠᠭᠤᠴᠤᠳ ᠤ᠋ᠨ ᠰᠤᠳᠤᠯᠭᠠᠨ ᠤ᠋ ᠰᠡᠳᠦᠪ︵10YJC740080)᠂ ᠤᠯᠤᠰ ᠤ᠋ᠨ ᠰᠤᠷᠬᠠᠨ ᠬᠥᠮᠦᠵᠢᠯ  ᠦ᠋ᠨ ᠶᠠᠮᠤᠨ ᠤ᠋ ᠨᠡᠢᠭᠡᠮ ᠤ᠋ᠨ ᠰᠢᠨᠵᠢᠯᠡᠬᠦ ᠤᠬᠠᠭᠠᠨ ᠤ᠋ ᠭᠣᠣᠯᠳᠠᠯᠭᠠᠲᠤ ᠰᠤᠳᠤᠯᠭᠠᠨ ᠤ᠋ ᠰᠠᠭᠤᠷᠢᠨ ᠭᠠᠵᠠᠷ ᠤ᠋ᠨ ᠰᠡᠳᠦᠪ︵11JJD740023) ᠤᠨ ᠨᠢᠭᠡ ᠬᠡᠰᠡᠭ ᠪᠣᠯᠤᠨ᠎ᠠ᠃
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠦ᠍ ᠬᠡᠯᠡᠨ ᠦ᠌ ᠬᠡᠷᠡᠭᠯᠡᠭᠡᠨ ᠳ᠋ᠦ᠍ ᠦᠭᠡ ᠵᠢ ᠤᠯᠠᠨ ᠤᠳᠬᠠᠵᠢᠭᠤᠯᠤᠨ ᠬᠡᠷᠡᠭᠯᠡᠬᠦ ᠲᠤᠬᠠᠢᠯᠠᠪᠠᠯ ᠬᠡᠷᠡᠭ ᠪᠣᠳᠠᠰ ᠶᠠᠭᠤᠮ᠎ᠠ ᠦᠵᠡᠭᠳᠡᠯ ᠦ᠋ᠨ ᠬᠠᠷᠢᠴᠠᠭ᠎ᠠ ᠬᠣᠯᠪᠤᠭ᠎ᠠ ᠲᠠᠢ ᠪᠤᠶᠤ ᠠᠳᠠᠯᠢ ᠲᠥᠰᠦᠭᠡᠲᠡᠢ ᠲᠠᠯ᠎ᠠ ᠳ᠋ᠤᠨᠢ ᠦᠨᠳᠦᠰᠦᠯᠡᠵᠦ ᠤᠳᠭ᠎ᠠ ᠰᠢᠯᠵᠢᠭᠦᠯᠦᠨ ᠨᠡᠷᠡᠯᠡᠬᠦ᠂ ᠬᠡᠷᠡᠭ ᠪᠣᠳᠠᠰ ᠶᠠᠭᠤᠮ᠎ᠠ ᠦᠵᠡᠭᠳᠡᠯ ᠤ᠋ᠨ ᠠᠳᠠᠯᠢᠪᠲᠤᠷ ᠣᠨᠴᠠᠯᠢᠭ ᠲᠤᠨᠢ ᠦᠨᠳᠦᠰᠦᠯᠡᠵᠦ ᠵᠦᠢᠷᠯᠡᠨ ᠨᠡᠷᠡᠯᠡᠬᠦ᠂ ᠬᠥᠮᠦᠨ ᠶᠠᠭᠤᠮ᠎ᠠ ᠬᠡᠷᠡᠭ ᠦᠵᠡᠭᠳᠡᠯ ᠢ᠋ ᠴᠡᠭᠡᠷᠯᠡᠨ ᠨᠡᠷᠡᠯᠡᠬᠦ᠂ ᠬᠦᠨᠳᠦᠳᠭᠡᠨ ᠨᠡᠷᠡᠯᠡᠬᠦ᠂ ᠡᠶᠡᠷᠡᠭᠦᠯᠦᠨ ᠨᠡᠷᠡᠯᠡᠬᠦ ᠵᠡᠷᠭᠡ ᠡᠴᠡ ᠪᠣᠯᠵᠤ ᠦᠭᠡ ᠵᠢᠨ ᠤᠳᠭ᠎ᠠ ᠲᠡᠯᠡᠨ ᠥᠷᠭᠡᠵᠢᠬᠦ ᠪᠥᠭᠡᠳ ᠡᠭᠦᠨ ᠳ᠋ᠦ᠍ ᠡᠯ᠎ᠡ ᠦᠨᠳᠦᠰᠦᠲᠡᠨ ᠦ᠌ ᠰᠣᠶᠤᠯ ᠰᠡᠳᠭᠢᠯᠭᠡᠨ ᠦ᠌ ᠣᠨᠴᠠᠯᠢᠭ ᠰᠢᠨᠵᠢ ᠵᠢᠨ ᠠᠳᠠᠯᠢ ᠪᠤᠰᠤ ᠪᠠ ᠬᠡᠯᠡ ᠶ᠋ᠢ ᠬᠡᠷᠡᠭᠯᠡᠬᠦ ᠳᠠᠳᠭᠠᠯ ᠵᠤᠷᠰᠢᠯ ᠤ᠋ᠨ ᠠᠳᠠᠯᠢ ᠪᠤᠰᠤ ᠠ᠋ᠴᠠ ᠪᠣᠯᠵᠤ ᠢᠵᠢᠯᠢ ᠭᠠᠷᠤᠯ ᠲᠠᠢ ᠦᠭᠡᠰ ᠢ᠋ ᠦᠭᠡ ᠵᠢᠨ ᠤᠳᠭ᠎ᠠ ᠳ᠋ᠤ᠌ ᠶᠠᠩᠵᠤ ᠪᠦᠷᠢ ᠵᠢᠨ ᠵᠥᠷᠢᠶᠡᠨ ᠢᠯᠡᠷᠡᠬᠦ ᠲᠤᠬᠠᠢ ᠥᠭᠦᠯᠡᠪᠡ᠃