ᠮᠣᠩᠭᠤᠯ ᠪᠢᠴᠢᠭ ᠦ᠋ᠨ ᠬᠡᠯᠡᠨ ᠦ᠌︽ ᠶ᠊᠂ ᠸ᠊︾ ᠳᠡᠪᠢᠰᠭᠡᠷ ᠦ᠋ᠨ ᠪᠢᠴᠢᠯᠭᠡ ᠵᠢᠨ ᠳᠦᠷᠢᠮ ᠬᠢᠭᠡᠳ ᠲᠡᠭᠦᠨ ᠢ᠋ ᠯᠠᠲ᠋ᠢᠨᠴᠢᠯᠠᠬᠤ ᠠᠰᠠᠭᠤᠳᠠᠯ ᠳ᠋ᠤ᠌᠁᠁᠁
ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠮᠣᠩᠭᠤᠯ ᠬᠡᠯᠡ ᠪᠢᠴᠢᠭ -> 201602
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/10
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠵᠠ᠊ ᠢᠯᠠᠨ
ᠵᠠᠩᠭᠢᠯᠠᠭ᠎ᠠ ᠦᠭᠡ᠄ ︽ ᠶ᠊᠂ ᠸ᠊︾ ᠳᠡᠪᠢᠰᠭᠡᠷ︔ᠪᠢᠴᠢᠯᠭᠡ ᠵᠢᠨ ᠳᠦᠷᠢᠮ︔ ᠯᠠᠲ᠋ᠢᠨᠴᠢᠯᠠᠬᠤ︔ ᠺᠣᠳ᠋ᠯᠠᠬᠤ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠥᠭᠦᠯᠡᠯ ᠳ᠋ᠦ᠍︽ ᠮᠣᠩᠭᠤᠯ ᠪᠢᠴᠢᠭ ᠲᠦ᠍ ᠨᠢᠭᠡᠨᠲᠡ ᠬᠣᠣᠰ ᠡᠭᠡᠰᠢᠭ ᠲᠠᠢ ᠪᠣᠯᠤᠭᠰᠠᠨ︾ ᠭᠡᠬᠦ ᠨᠤᠲᠠᠯᠠᠯᠲᠠ ᠶ᠋ᠢ ᠨᠢᠴᠤᠭᠠᠭᠰᠠᠨ ᠪᠥᠭᠡᠳ ᠮᠣᠩᠭᠤᠯ ᠪᠢᠴᠢᠭ ᠲᠦ᠍ ᠬᠣᠣᠰ ᠡᠭᠡᠰᠢᠭ ᠪᠠᠢᠵᠤ ᠦᠭᠡᠢ ᠭᠡᠬᠦ ᠳ᠋ᠦ᠍ ᠬᠦᠷᠪᠡᠯ ᠮᠣᠩᠭᠤᠯ ᠪᠢᠴᠢᠭ ᠦ᠋ᠨ ᠵᠢᠭᠠᠨ ᠰᠤᠷᠭᠠᠯᠲᠠ ᠪᠠ ᠮᠣᠩᠭᠤᠯ ᠦᠰᠦᠭ ᠢ᠋ ᠯᠠᠲ᠋ᠢᠨᠴᠢᠯᠠᠬᠤ᠂ ᠲᠣᠯᠢ ᠪᠢᠴᠢᠭ ᠨᠠᠢᠷᠠᠭᠤᠯᠬᠤ ᠳ᠋ᠤ᠌ ᠣᠯᠠᠨ ᠠᠰᠠᠭᠤᠳᠠᠯ ᠳ᠋ᠤ᠌ ᠲᠤᠯᠭᠠᠷᠠᠨ᠎ᠠ ᠭᠡᠵᠦ ᠰᠠᠨᠠᠭᠠᠰᠢᠷᠠᠬᠤ ᠬᠡᠷᠡᠭ ᠦᠭᠡᠢ ᠭᠡᠰᠡᠨ ᠵᠥᠪᠯᠡᠮᠵᠢ ᠥᠭᠪᠡ᠃ ᠳᠠᠭᠠᠤ ᠳ᠋ᠤᠨᠢ︽ ᠶ᠊᠂ ᠸ᠊︾ ᠳᠡᠪᠢᠰᠭᠡᠷ ᠦ᠋ᠨ ᠦᠭᠡ ᠵᠢᠨ ᠳᠤᠮᠳᠠ ᠰᠡᠭᠦᠯ ᠬᠤᠷᠢᠶᠠᠭᠳᠠᠨ ᠪᠢᠴᠢᠭᠳᠡᠬᠦ ᠳᠦᠷᠢᠮ ᠢ᠋ ᠲᠣᠳᠤᠷᠠᠭᠤᠯᠵᠤ᠂︽ ᠵ᠊︾ ᠳᠦᠷᠰᠦ ᠪᠣᠯ︽ ᠶ᠊︾ ᠳᠡᠪᠢᠰᠭᠡᠷ ᠦ᠋ᠨ ᠦᠨᠳᠦᠰᠦᠨ ᠳᠦᠷᠰᠦ ᠨᠢ ᠮᠥᠨ ᠪᠥᠭᠡᠳ︽ ᠵ᠊︾᠂︽ ᠵᠢ᠊︾ᠬᠣᠶᠠᠭᠤᠯᠠ ᠶ᠋ᠢ ᠴᠥᠮ y ᠪᠠᠷ ᠯᠠᠲ᠋ᠢᠨᠴᠢᠯᠠᠵᠤ᠂ ᠠᠳᠠᠯᠢᠬᠠᠨ ᠲᠣᠪᠴᠢᠯᠠᠭᠤᠷ ᠲᠤ᠌ ᠺᠤᠳ᠋ᠯᠠᠪᠠᠯ ᠵᠣᠬᠢᠨ᠎ᠠ ᠭᠡᠰᠡᠨ ᠦᠵᠡᠯᠲᠡ ᠶ᠋ᠢ ᠳᠡᠪᠰᠢᠭᠦᠯᠪᠡ᠃