ᠬᠣᠷᠴᠢᠨ ᠦᠬᠡᠷ ᠦᠨ ᠨᠢᠯᠬ᠎ᠠ ᠲᠤᠭᠤᠯ ᠢ ᠡᠬᠡ ᠡᠴᠡ ᠨᠢ ᠰᠠᠯᠭᠠᠨ ᠲᠡᠵᠢᠭᠡᠵᠦ 60 ᠡᠳᠦᠷ ᠲᠦ ᠰᠦ ᠡᠴᠡ ᠨᠢ ᠵᠣᠭᠰᠤᠭᠠᠵᠤ ᠲᠡᠵᠢᠭᠡᠭᠰᠡᠨ ᠲᠤᠷᠰᠢᠯᠲᠠ ᠶᠢᠨ ᠲᠤᠬᠠᠢ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ -> 200901
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/04
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠤᠪᠢᠰᠭᠠᠯᠲᠤ᠂ ᠵᠢᠷᠤᠮᠲᠤ᠂ ᠪᠠᠶᠠᠰᠬᠤ
ᠵᠠᠩᠭᠢᠯᠠᠭ᠎ᠠ ᠦᠭᠡ᠄ ᠬᠣᠷᠴᠢᠨ ᠦᠬᠡᠷ ᠦᠨ ᠲᠤᠭᠤᠯ᠂ ᠡᠬᠡ ᠡᠴᠡ ᠨᠢ ᠰᠠᠯᠭᠠᠨ ᠲᠡᠵᠢᠭᠡᠬᠦ᠂ 60 ᠡᠳᠦᠷ ᠲᠦ ᠰᠦ ᠡᠴᠡ ᠨᠢ ᠵᠣᠭᠰᠤᠭᠠᠭᠰᠠᠨ ᠲᠤᠷᠰᠢᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ 2261ᠲᠣᠯᠤᠭᠠᠢ ᠬᠣᠷᠴᠢᠨ ᠦᠬᠡᠷ ᠦᠨ ᠡᠷ᠎ᠡ ᠲᠤᠭᠤᠯ ᠢ ᠲᠤᠷᠰᠢᠯᠲᠠ ᠶᠢᠨ ᠳᠤᠭᠤᠢᠯᠠᠩ ᠪᠣᠯᠭᠠᠵᠤ᠂ ᠡᠬᠡ ᠡᠴᠡ ᠨᠢ ᠰᠠᠯᠭᠠᠨ ᠲᠡᠵᠢᠭᠡᠵᠦ᠂ 60 ᠡᠳᠦᠷ ᠲᠦ ᠰᠦ ᠡᠴᠡ ᠨᠢ ᠵᠣᠭᠰᠤᠭᠠᠭᠰᠠᠨ ᠤ ᠳᠠᠷᠠᠭ᠎ᠠ ᠮᠢᠨ ᠳ᠋ᠠ ᠲᠡᠮᠳᠡᠭᠲᠦ ᠬᠣᠷᠴᠢᠨ ᠦᠬᠡᠷ ᠦᠨ ᠲᠤᠭᠤᠯ ᠳᠤ ᠲᠣᠬᠢᠷᠠᠭᠤᠯᠤᠨ ᠣᠨᠴᠠᠭᠠᠢᠯᠠᠨ ᠨᠠᠢᠷᠠᠭᠤᠯᠤᠭᠰᠠᠨ ᠨᠠᠷᠢᠯᠢᠭ ᠪᠣᠷᠳᠤᠭ᠎ᠠ ᠪᠠ ᠬᠠᠭᠤᠷᠠᠢ ᠡᠪᠡᠰᠦ ᠪᠡᠷ ᠲᠡᠵᠢᠭᠡᠵᠦ 120 ᠡᠳᠦᠷ ᠪᠣᠯᠬᠤ ᠳᠤ ᠪᠡᠶ᠎ᠡ ᠶᠢᠨ ᠬᠦᠨᠳᠦ ᠶᠢ ᠬᠡᠮᠵᠢᠨ᠂ ᠤᠯᠠᠮᠵᠢᠯᠠᠯᠲᠤ ᠠᠷᠭ᠎ᠠ ᠪᠠᠷ ᠲᠡᠵᠢᠭᠡᠭᠰᠡᠨ ᠬᠠᠷᠢᠴᠠᠭᠤᠯᠤᠭᠴᠢ ᠳᠤᠭᠤᠢᠯᠠᠩ 2692 ᠲᠤᠭᠤᠯ ᠲᠠᠢ ᠠᠳᠠᠯᠢᠳᠭᠠᠭᠰᠠᠨ ᠳᠤ᠂ ᠲᠤᠷᠰᠢᠯᠲᠠ ᠶᠢᠨ ᠳᠤᠭᠤᠢᠯᠠᠩ ᠤᠨ ᠲᠤᠭᠤᠯ ᠪᠦᠷᠢ ᠡᠳᠦᠷ ᠲᠦ 945.41g ᠥᠰᠴᠦ ᠪᠡᠶ᠎ᠡ ᠶᠢᠨ ᠬᠦᠨᠳᠦ ᠲᠡᠭᠰᠢᠳᠭᠡᠭᠡᠳ 147.15kg ᠪᠠᠢᠵᠤ᠂ ᠬᠠᠷᠢᠴᠠᠭᠤᠯᠤᠭᠴᠢ ᠳᠤᠭᠤᠢᠯᠠᠩ ᠤᠨ ᠲᠤᠭᠤᠯ ᠪᠦᠷᠢ ᠡᠳᠦᠷ ᠲᠦ 537.5gᠥᠰᠴᠦ᠂ ᠪᠡᠶ᠎ᠡ ᠶᠢᠨ ᠬᠦᠨᠳᠦ ᠨᠢ ᠲᠡᠭᠰᠢᠳᠭᠡᠭᠡᠳ 98.21kg ᠪᠠᠢᠵᠤ᠂ ᠲᠤᠷᠰᠢᠯᠲᠠ ᠶᠢᠨ ᠳᠤᠭᠤᠢᠯᠠᠩ ᠤᠨ ᠴᠡᠪᠡᠷ ᠣᠷᠤᠯᠭ᠎ᠠ ᠬᠠᠷᠢᠴᠠᠭᠤᠯᠤᠭᠴᠢ ᠳᠤᠭᠤᠢᠯᠠᠩ ᠤᠨ ᠬᠢ ᠡᠴᠡ ᠲᠤᠭᠤᠯ ᠪᠦᠷᠢ ᠢᠯᠡᠭᠦᠦ 979.00 ᠲᠥᠭᠦᠷᠢᠭ ᠣᠯᠤᠭᠰᠠᠨ ᠪᠠ ᠲᠤᠷᠰᠢᠯᠲᠠ ᠶᠢᠨ ᠳᠤᠭᠤᠢᠯᠠᠩ ᠤᠨ ᠦᠨᠢᠶ᠎ᠡ ᠶᠢᠨ ᠬᠡᠭᠡᠯᠲᠦᠭᠰᠡᠨ ᠨᠤᠷᠮ᠎ᠠ 95% ᠪᠣᠯᠤᠭᠰᠠᠨ ᠪᠠ ᠨᠢᠭᠡ ᠬᠣᠣᠰ ᠦᠨᠢᠶ᠎ᠡ ᠲᠤᠭᠤᠯ ᠤᠨ ᠴᠡᠪᠡᠷ ᠣᠷᠤᠯᠭ᠎ᠠ 2239.94 ᠲᠥᠭᠦᠷᠢᠭ ᠲᠦ ᠬᠦᠷᠦᠭᠰᠡᠨ ᠰᠢᠨᠵᠢᠯᠡᠬᠦ ᠤᠬᠠᠭᠠᠨᠴᠢ ᠲᠡᠵᠢᠭᠡᠬᠦ ᠠᠷᠭ᠎ᠠ ᠶᠢ ᠮᠡᠳᠡᠭᠡᠯᠡᠪᠡ᠃