ᠵᠢᠭᠰᠠᠭᠠᠯ ᠤᠨ ᠲᠤᠯᠭᠠᠬᠤ ᠬᠣᠯᠪᠤᠭᠳᠠᠯ ᠤᠨ ᠵᠢᠭᠰᠠᠭᠠᠯ ᠤᠨ ᠵᠠᠳᠠᠯᠤᠯᠲᠠ ᠳᠤ ᠬᠢ ᠬᠡᠷᠡᠭᠯᠡᠯᠲᠡ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ -> 200901
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/04
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠡᠴᠡᠨᠪᠠᠭᠠᠲᠤᠷ᠂ ᠬᠣᠩ ᠶᠠᠨ
ᠵᠠᠩᠭᠢᠯᠠᠭ᠎ᠠ ᠦᠭᠡ᠄ ᠵᠢᠭᠰᠠᠭᠠᠯ ᠤᠨ ᠲᠤᠯᠭᠠᠬᠤ ᠬᠣᠯᠪᠤᠭᠳᠠᠯ᠂ ᠬᠡᠷᠡᠭᠯᠡᠯᠲᠡ᠂ ᠵᠠᠳᠠᠯᠤᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠯᠭᠠᠬᠤ ᠬᠣᠯᠪᠤᠭᠳᠠᠯ᠂ ᠨᠢᠭᠡᠳᠦᠩᠭᠦᠢ ᠬᠣᠯᠪᠤᠭᠳᠠᠯ᠂ ᠲᠥᠰᠲᠡᠢ ᠬᠣᠯᠪᠤᠭᠳᠠᠯ ᠨᠢ ᠭᠤᠷᠪᠠᠨ ᠰᠠᠴᠠᠭᠤ ᠬᠣᠯᠪᠤᠭᠳᠠᠯ ᠮᠥᠨ᠃ ᠲᠡᠷᠡ ᠨᠢ ᠵᠢᠭᠰᠠᠭᠠᠯ ᠤᠨ ᠲᠤᠬᠠᠢ ᠮᠡᠳᠡᠯᠭᠡ ᠶᠢᠨ ᠬᠦᠷᠢᠶ᠎ᠡ ᠬᠡᠪᠴᠢᠶ᠎ᠡ ᠳᠣᠲᠤᠷ᠎ᠠ ᠴᠢᠬᠤᠯᠠ ᠪᠠᠢᠷᠢ ᠰᠠᠭᠤᠷᠢ ᠶᠢ ᠡᠵᠡᠯᠡᠵᠦ ᠪᠠᠢᠬᠤ ᠶᠤᠮ᠃ ᠵᠢᠭᠰᠠᠭᠠᠯ ᠤᠨ ᠰᠦᠷᠬᠦᠢᠴᠡ ᠴᠢᠨᠠᠷ᠂ ᠵᠢᠭᠰᠠᠭᠠᠯ ᠢ ᠲᠠᠰᠢᠭᠤᠪᠴᠢᠯᠠᠬᠤ ᠠᠰᠠᠭᠤᠳᠠᠯ᠂ ᠵᠢᠭᠰᠠᠭᠠᠯ ᠤᠨ ᠥᠪᠡᠷᠮᠢᠴᠡ ᠢᠵᠠᠭᠤᠷ ᠪᠠ ᠥᠪᠡᠷᠮᠢᠴᠡ ᠸᠧᠺᠲ᠋ᠣᠷ ᠢ ᠣᠯᠬᠤ᠂ ᠬᠣᠶᠠᠳᠤᠭᠠᠷ ᠵᠡᠷᠭᠡ ᠶᠢᠨ ᠬᠡᠯᠪᠡᠷᠢᠲᠦ ᠶᠢ ᠪᠠᠷᠢᠮᠵᠢᠶ᠎ᠠ ᠬᠡᠯᠪᠡᠷᠢᠲᠡᠢ ᠪᠣᠯᠭᠠᠬᠤ ᠵᠡᠷᠭᠡ ᠣᠯᠠᠨ ᠠᠰᠠᠭᠤᠳᠠᠯ ᠢ ᠰᠤᠳᠤᠯᠬᠤ ᠳᠤ ᠪᠦᠷ ᠡᠨᠡ ᠭᠤᠷᠪᠠᠨ ᠰᠠᠴᠠᠭᠤ ᠬᠣᠯᠪᠤᠭᠳᠠᠯ ᠤᠨ ᠲᠣᠳᠤᠷᠬᠠᠢᠯᠠᠯᠲᠠ᠂ ᠰᠢᠨᠵᠢ ᠴᠢᠨᠠᠷ᠂ ᠬᠣᠯᠪᠤᠭᠳᠠᠯ ᠪᠦᠬᠦᠢ ᠪᠠᠲᠤᠶᠣᠰᠤ ᠵᠢᠴᠢ ᠬᠡᠷᠡᠭᠯᠡᠯᠲᠡ ᠶᠢ ᠨᠠᠷᠢᠨ ᠨᠢᠭᠲᠠ ᠵᠢᠭᠠᠨ ᠲᠠᠢᠯᠪᠤᠷᠢᠯᠠᠬᠤ ᠠᠴᠠ ᠭᠠᠳᠠᠨ᠎ᠠ ᠪᠠᠰᠠ ᠭᠤᠷᠪᠠᠨ ᠰᠠᠴᠠᠭᠤ ᠬᠣᠯᠪᠤᠭᠳᠠᠯ ᠤᠨ ᠬᠣᠭᠤᠷᠤᠨᠳᠤᠬᠢ ᠬᠣᠯᠪᠤᠭᠳᠠᠯ᠂ ᠲᠡᠳᠡ ᠨᠠᠷ ᠤᠨ ᠠᠳᠠᠯᠢ ᠪᠤᠰᠤ ᠲᠠᠯ᠎ᠠ᠂ ᠦᠯᠦ ᠬᠤᠪᠢᠷᠠᠬᠤ ᠬᠡᠮᠵᠢᠭᠳᠡᠬᠦᠨ ᠵᠡᠷᠭᠡ ᠶᠢ ᠶᠠᠷᠢᠯᠴᠠᠬᠤ ᠴᠢᠬᠤᠯᠠ ᠲᠠᠢ ᠶᠤᠮ᠃ ᠵᠣᠬᠢᠶᠠᠯ ᠳᠤ᠂ ᠲᠤᠯᠭᠠᠬᠤ ᠬᠣᠯᠪᠤᠭᠳᠠᠯ ᠤᠨ ᠵᠢᠭᠰᠠᠭᠠᠯ ᠢ ᠵᠠᠳᠠᠯᠬᠤ ᠠᠰᠠᠭᠤᠳᠠᠯ ᠳᠣᠲᠤᠷᠠᠬᠢ ᠬᠡᠷᠡᠭᠯᠡᠯᠲᠡ ᠶᠢ ᠶᠠᠷᠢᠯᠴᠠᠵᠤ᠂ ᠡᠭᠦᠨ ᠢᠶᠡᠷ ᠳᠠᠮᠵᠢᠵᠤ ᠵᠢᠭᠰᠠᠭᠠᠯ ᠤᠨ ᠲᠤᠯᠭᠠᠬᠤ ᠬᠣᠯᠪᠤᠭᠳᠠᠯ ᠤᠨ ᠴᠢᠬᠤᠯᠠ ᠴᠢᠨᠠᠷ ᠢ ᠴᠢᠬᠤᠯᠠᠴᠢᠯᠠᠵᠤ᠂ ᠰᠤᠷᠤᠭᠴᠢᠳ ᠤᠨ ᠵᠢᠭᠰᠠᠭᠠᠯ ᠤᠨ ᠠᠰᠠᠭᠤᠳᠠᠯ ᠢ ᠰᠢᠢᠳᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠬᠦ ᠶᠢ ᠵᠣᠷᠢᠪᠠ᠃