ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠪ ᠵᠣᠷᠢᠭᠲᠤ ᠶᠢᠨ ᠨᠠᠢᠷᠠᠭᠤᠯᠤᠯ ᠤᠨ ᠰᠣᠶᠤᠯ ᠤᠨ ᠠᠬᠤᠭᠤᠯᠤᠮᠵᠢ ᠶᠢ ᠲᠤᠷᠰᠢᠨ ᠥᠭᠦᠯᠡᠬᠦ ᠨᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠨᠡᠢᠭᠡᠮ ᠦ᠋ᠨ ᠰᠢᠨᠵᠢᠯᠡᠬᠦ -> 201002
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/01
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠠ᠊ ᠤᠯᠠᠭᠠᠨᠪᠠᠭᠠᠲᠤᠷ
ᠵᠠᠩᠭᠢᠯᠠᠭ᠎ᠠ ᠦᠭᠡ᠄ ᠪ· ᠵᠣᠷᠢᠭᠲᠤ᠂ ᠨᠠᠢᠷᠠᠭᠤᠯᠤᠯ᠂ ᠰᠣᠶᠤᠯ ᠤᠨ ᠠᠬᠤᠭᠤᠯᠤᠮᠵᠢ
ᠰᠠᠭᠤᠷᠢ ᠮᠥᠩᠭᠦᠨ ᠤ᠋ ᠳᠡᠮᠵᠢᠯᠭᠡ᠄ ᠲᠤᠰ ᠥᠭᠦᠯᠡᠯ ᠰᠤᠷᠭᠠᠨ ᠬᠥᠮᠦᠵᠢᠯ ᠦᠨ ᠶᠠᠮᠤᠨ ᠤ ᠬᠥᠮᠦᠨ ᠰᠣᠶᠤᠯ ᠨᠡᠢᠭᠡᠮ ᠦᠨ ᠰᠢᠨᠵᠢᠯᠡᠬᠦ ᠤᠬᠠᠭᠠᠨ ᠤ ᠭᠣᠣᠯᠳᠠᠯᠭᠠᠲᠤ ᠰᠤᠳᠤᠯᠭᠠᠨ ᠤ ᠰᠠᠭᠤᠷᠢᠨ ᠭᠠᠵᠠᠷ ᠤᠨ ᠰᠠᠭᠤᠷᠢ ᠮᠥᠩᠭᠦᠨ ᠤ ᠲᠡᠳᠭᠦᠮᠵᠢ︵ ᠵᠥᠪᠰᠢᠶᠡᠷᠡᠭᠰᠡᠨ ᠳ᠋ᠤᠭᠠᠷ᠄ 06JJD850004︶ ᠪᠠ ᠥᠪᠦᠷ ᠮᠣᠩᠭᠤᠯ ᠤᠨ ᠵᠡᠭᠦᠨ ᠣᠷᠤᠨ ᠳᠤ ᠬᠢ ᠠᠵᠤ ᠠᠬᠤᠢ᠂ ᠲᠡᠦᠬᠡ ᠰᠤᠳᠤᠯᠬᠤ ᠰᠤᠳᠤᠯᠭᠠᠨ ᠤ ᠰᠠᠭᠤᠷᠢᠨ ᠭᠠᠵᠠᠷ ᠤᠨ ᠰᠠᠭᠤᠷᠢ ᠮᠥᠩᠭᠦᠨ ᠤ ᠲᠡᠳᠭᠦᠮᠵᠢ ᠶᠢ ᠬᠦᠷᠲᠡᠭᠰᠡᠨ ᠪᠠᠢᠨ᠎ᠠ᠃
ᠠᠭᠤᠯᠭ᠎ᠠ ᠶ᠋ᠢᠨ ᠲᠣᠪᠴᠢ᠄ ᠪ· ᠵᠣᠷᠢᠭᠲᠤ ᠪᠠᠷ ᠨᠠᠢᠷᠠᠭᠤᠯᠤᠯ ᠤᠨ ᠵᠣᠬᠢᠶᠠᠯ ᠳᠤ ᠪᠠᠨ ᠠᠮᠢᠳᠤᠷᠠᠯ ᠳᠤᠮᠳᠠᠬᠢ ᠬᠠᠮᠤᠭ ᠡᠩ ᠦᠨ ᠪᠥᠭᠡᠳ ᠭᠦᠨᠵᠡᠭᠡᠢ ᠠᠬᠤᠭᠤᠯᠤᠮᠵᠢ ᠲᠠᠢ ᠵᠦᠢᠯᠡᠰ ᠢ ᠵᠠᠰᠠᠵᠤ ᠴᠢᠮᠡᠯ ᠦᠭᠡᠢ ᠤᠤᠭᠠᠯ ᠳᠦᠷᠰᠦ ᠪᠡᠷ ᠨᠢ ᠳᠡᠯᠭᠡᠬᠦ ᠶᠢ ᠲᠠᠭᠠᠰᠢᠶᠠᠵᠤ᠂ ᠦᠨᠡᠨ᠂ ᠴᠢᠬᠢᠮᠡᠢ ᠰᠡᠳᠭᠢᠯᠭᠡ ᠶᠢᠨ ᠣᠴᠢ ᠪᠠᠨ ᠤᠷᠠᠨ ᠣᠶᠤᠳᠠᠯᠴᠢᠨ ᠰᠢᠭ ᠬᠠᠳᠭᠤᠮᠠᠯᠯᠠᠨ ᠭᠠᠷᠭᠠᠭᠰᠠᠨ ᠢᠶᠠᠷ ᠨᠠᠢᠷᠠᠭᠤᠯᠤᠯ ᠨᠢ ᠰᠡᠳᠭᠢᠯᠭᠡ ᠪᠡᠷ ᠪᠢᠯᠬᠠᠮ᠎ᠠ᠂ ᠠᠮᠢᠳᠤᠷᠠᠯ ᠤᠨ ᠦᠨᠦᠷ ᠠᠮᠲᠠ ᠪᠠᠷ ᠥᠳᠭᠡᠨ᠂ ᠰᠣᠶᠤᠯ ᠤᠨ ᠤᠳᠭ᠎ᠠ ᠠᠭᠤᠯᠭ᠎ᠠ ᠪᠠᠷ ᠭᠦᠨᠵᠡᠭᠡᠢ ᠪᠣᠯᠵᠠᠢ᠃ ᠢᠯᠠᠩᠭᠤᠶ᠎ᠠ ᠲᠡᠭᠦᠨ ᠤ ᠡᠵᠡᠭᠦᠢ ᠤᠬᠠᠮᠰᠠᠷ ᠲᠤ ᠨᠢ ᠨᠤᠲᠤᠭ ᠤᠰᠤ ᠪᠠᠨ ᠦᠭᠡᠢᠯᠡᠵᠦ ᠮᠥᠷᠦᠭᠡᠳᠬᠦ ᠰᠡᠳᠭᠢᠯᠭᠡᠨ ᠤ ᠬᠠᠨᠳᠤᠯᠭ᠎ᠠ ᠳᠠᠯᠳᠠᠯᠠᠭᠳᠠᠵᠤ ᠪᠠᠢᠭ᠎ᠠ ᠤᠴᠢᠷ ᠨᠤᠲᠤᠭ ᠤᠰᠤ ᠨᠢ ᠠᠯᠢᠪᠠ ᠰᠠᠢᠨ ᠰᠠᠢᠬᠠᠨ ᠤ ᠪᠦᠷᠢᠯᠸ᠎ᠠ᠂ ᠥᠷᠲᠡᠭ ᠦᠨ ᠬᠡᠮᠵᠢᠭᠦᠷ᠂ ᠠᠮᠤᠭᠤᠯᠠᠩ ᠤᠨ ᠣᠷᠤᠨ᠂ ᠣᠶᠤᠨ ᠰᠦᠨᠡᠰᠦ ᠶᠢ ᠠᠷᠢᠭᠤᠳᠭᠠᠬᠤ ᠠᠷᠢᠭᠤᠨ ᠭᠣᠯᠤᠮᠲᠠ ᠪᠣᠯᠵᠤ ᠳᠦᠷᠰᠦᠯᠡᠭᠳᠡᠭᠰᠡᠨ ᠪᠠᠢᠳᠠᠭ᠃