ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

ᠬᠡᠦᠬᠡᠳ ᠦᠨ ᠠᠮᠠᠨ ᠨᠠᠭᠠᠳᠤᠭᠠᠢ ᠶᠢᠨ ᠲᠤᠬᠠᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠨᠡᠢᠭᠡᠮ ᠦ᠋ᠨ ᠰᠢᠨᠵᠢᠯᠡᠬᠦ -> 201002
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/01
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ﹇ ᠮᠣᠩᠭᠤᠯ﹈ ᠭᠠᠯᠰᠠᠩᠪᠠᠯᠳᠠᠨ ᠤ ᠯᠣᠪᠣᠷ
ᠵᠠᠩᠭᠢᠯᠠᠭ᠎ᠠ ᠦᠭᠡ᠄ ᠮᠣᠩᠭᠤᠯᠴᠤᠳ᠂ ᠬᠡᠦᠬᠡᠳ᠂ ᠠᠮᠠᠨ ᠨᠠᠭᠠᠳᠤᠭᠠᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠮᠣᠩᠭᠤᠯᠴᠤᠳ ᠠᠮᠠᠨ ᠰᠣᠶᠤᠯ ᠤᠨ ᠠᠷᠪᠢᠨ ᠪᠠᠶᠠᠯᠢᠭ ᠤᠯᠠᠮᠵᠢᠯᠠᠯ ᠲᠠᠢ ᠪᠢᠯᠡ᠃ ᠡᠬᠡ ᠶᠢᠨ ᠪᠦᠪᠡᠢ ᠶᠢᠨ ᠤᠶᠠᠬᠠᠨ ᠳᠠᠭᠤᠨ ᠤ ᠠᠶ᠎ᠠ ᠡᠭᠡᠰᠢᠭ᠂ᠥᠬᠦᠭᠡᠷᠳᠡᠯ ᠳᠦᠭᠦᠷᠡᠩ ᠦᠭᠡ ᠬᠡᠯᠡᠯᠭᠡ ᠪᠢᠴᠢᠬᠠᠨ ᠬᠡᠦᠬᠡᠳ ᠦᠨ ᠣᠶᠤᠨ ᠢ ᠬᠥᠭᠯᠡᠬᠦ ᠪᠢᠣᠯᠣᠭᠢ ᠶᠢᠨ ᠪᠣᠯᠤᠮᠵᠢ ᠶᠢ ᠪᠦᠷᠢᠳᠦᠭᠦᠯᠳᠡᠭ᠃ ᠲᠡᠢᠮᠦ ᠡᠴᠡ᠂ ᠠᠪᠤ ᠡᠵᠢ ᠨᠢ ᠲᠡᠳᠡᠨ ᠳᠦ ᠡᠩᠬᠦᠷᠡᠢ ᠵᠥᠭᠡᠯᠡᠨ ᠰᠡᠳᠭᠢᠯ ᠢᠶᠡᠷ ᠬᠠᠨᠳᠤᠵᠤ᠂ ᠠᠪᠢᠶ᠎ᠠ ᠶᠢ ᠵᠥᠪ ᠬᠡᠯᠡᠭᠦᠯᠵᠦ ᠰᠤᠷᠭᠠᠬᠤ ᠶᠢ ᠡᠷᠲᠡᠨ ᠡᠴᠡ ᠬᠥᠲᠦᠯᠵᠦ ᠤᠳᠤᠷᠢᠳᠳᠠᠭ ᠤᠯᠠᠮᠵᠢᠯᠠᠯ ᠲᠠᠢ᠃ ᠨᠢᠯᠬ᠎ᠠ ᠬᠡᠦᠬᠡᠳ ᠦᠨ ᠠᠯᠢᠪᠠ ᠬᠥᠳᠡᠯᠭᠡᠭᠡᠨ ᠪᠦᠷᠢ ᠳᠦ ᠠᠢᠵᠠᠮ ᠬᠡᠮᠨᠡᠯ ᠪᠦᠬᠦᠢ ᠰᠣᠨᠤᠰᠭᠤᠯᠠᠩ ᠲᠠᠢ ᠠᠪᠢᠶ᠎ᠠ ᠪᠠᠷ︽ ᠬᠠᠷᠢᠯᠴᠠᠵᠤ︾ ᠵᠤᠭᠠᠴᠠᠭᠤᠯᠬᠤ᠂ ᠴᠠᠭᠠᠰᠢᠳᠠ ᠬᠥᠩᠭᠡᠨ ᠵᠤᠭ᠎ᠠ ᠲᠠᠢ᠂ ᠬᠥᠭᠵᠢᠶᠡᠨ ᠨᠠᠷᠭᠢᠶᠠᠨ ᠲᠠᠢ ᠦᠭᠡ ᠪᠡᠷ ᠨᠠᠭᠠᠳᠤᠮ ᠪᠣᠯᠭᠠᠵᠤ ᠪᠠᠢᠳᠠᠭ᠃ ᠲᠤᠰ ᠥᠭᠦᠯᠡᠯ ᠳᠦ᠂ ᠮᠣᠩᠭᠤᠯ ᠬᠡᠦᠬᠡᠳ ᠦᠨ ᠠᠮᠠᠨ ᠨᠠᠭᠠᠳᠤᠭᠠᠢ ᠳᠤ ᠰᠢᠨᠵᠢᠯᠡᠭᠡ ᠬᠢᠵᠦ ᠬᠡᠯᠡ ᠵᠦᠭᠰᠢᠷᠡᠭᠦᠯᠬᠦ ᠦᠭᠡ᠂ ᠵᠢᠷᠤᠭ᠎ᠠ ᠦᠭᠡ᠂ ᠵᠤᠭ᠎ᠠ ᠦᠭᠡ᠂ ᠱᠣᠳᠤᠬᠤ ᠦᠭᠡ᠂ ᠰᠦᠮᠪᠦᠷ ᠠᠭᠤᠯᠠ ᠪᠣᠰᠭᠠᠬᠤ᠂ ᠶᠢᠰᠦ ᠲᠣᠭᠠᠯᠠᠬᠤ ᠶᠣᠰᠤ᠂ ᠴᠠᠭᠠᠨ ᠲᠡᠮᠡᠭᠡᠴᠡᠬᠦ᠂ ᠲᠠᠷᠪᠠᠭᠠᠴᠠᠬᠤ᠂ ᠵᠤᠭ᠎ᠠ ᠦᠯᠢᠭᠡᠷ᠂ ᠬᠤᠳᠠᠯᠳᠤᠬᠤ ᠦᠭᠡ᠂ ᠶᠢᠷᠲᠢᠨᠴᠦ ᠶᠢᠨ ᠭᠤᠷᠪᠠ᠂ ᠳᠠᠭᠠᠷᠢᠯᠴᠠᠭ᠎ᠠ ᠦᠭᠡ᠁᠁ ᠭᠡᠬᠦᠴᠢᠯᠡᠨ ᠠᠯᠢ ᠣᠯᠠᠨ ᠠᠮᠢᠳᠤ ᠳᠦᠷᠰᠦᠯᠢᠭ᠂ ᠪᠣᠳᠠᠲᠤ ᠵᠢᠱᠢᠶ᠎ᠡ ᠳᠦ ᠲᠤᠯᠭᠠᠭᠤᠷᠢᠯᠠᠨ ᠬᠡᠦᠬᠡᠳ ᠦᠨ ᠠᠮᠠᠨ ᠨᠠᠭᠠᠳᠤᠭᠠᠢ ᠶᠢᠨ ᠡᠭᠦᠷᠭᠡ ᠦᠢᠯᠡᠳᠦᠯ᠂ ᠣᠨᠴᠠᠯᠢᠭ ᠰᠢᠨᠵᠢ᠂ ᠰᠣᠶᠤᠯ ᠤᠨ ᠠᠭᠤᠯᠤᠭᠳᠠᠬᠤᠨ ᠵᠡᠷᠭᠡ ᠶᠢ ᠬᠠᠢᠨ ᠰᠢᠨᠵᠢᠯᠡᠭᠰᠡᠨ ᠪᠠᠢᠨ᠎ᠠ᠃