ᠬᠤᠭᠤᠴᠠᠭᠠᠲᠦ ᠰᠡᠳᠭᠦᠯ
>
ᠮᠣᠩᠭᠤᠯ ᠬᠡᠯᠡ ᠪᠢᠴᠢᠭ
>
ᠪᠠᠷᠠᠭᠤᠨ ᠮᠣᠩᠭᠤᠯ ᠰᠤᠳᠤᠯᠤᠯ
>
ᠣᠢᠷᠠᠳ ᠰᠤᠳᠤᠯᠤᠯ
>
ᠥᠪᠦᠷ ᠮᠣᠩᠭᠤᠯ ᠤ᠋ᠨ ᠰᠤᠷᠭᠠᠨ ᠬᠥᠮᠦᠵᠢᠯ
>
ᠮᠣᠩᠭᠤᠯ ᠬᠡᠯᠡ ᠪᠢᠴᠢᠭ ᠦ᠋ᠨ ᠰᠤᠳᠤᠯᠤᠯᠭᠠᠨ ᠤ᠋ ᠮᠠᠲ᠋ᠧᠷᠢᠶᠠᠯ ᠤ᠋ᠨ ᠡᠮᠬᠢᠳᠭᠡᠯ
>
ᠮᠣᠩᠭᠤᠯ ᠬᠡᠯᠡ ᠤᠳᠭ᠎ᠠ ᠵᠣᠬᠢᠶᠠᠯ ᠤ᠋ᠨ ᠰᠢᠨᠵᠢᠯᠡᠭᠡᠨ

︽ ᠽᠠᠶ᠎ᠠ ᠪᠠᠨᠳᠢᠳᠠ︾ ᠬᠡᠮᠡᠬᠦ ᠨᠣᠮ ᠤᠨ ᠲᠠᠢᠯᠪᠤᠷᠢ ᠳᠤ ᠬᠢ ᠯᠣᠪᠰᠠᠩ ᠤᠨ ᠦᠶ᠎ᠡ ᠰᠦᠯᠵᠢᠯ ᠦᠨ ᠡᠨᠳᠡᠭᠦᠷᠡᠯ ᠦᠨ ᠲᠤᠬᠠᠢ

ᠢᠷᠡᠯᠲᠡ: ᠨᠡᠢᠭᠡᠮ ᠦ᠋ᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠨᠡᠢᠭᠡᠮ ᠦ᠋ᠨ ᠰᠢᠨᠵᠢᠯᠡᠬᠦ -> 201002
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/01
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠮᠥᠷᠡᠨ
ᠵᠠᠩᠭᠢᠯᠠᠭ᠎ᠠ ᠦᠭᠡ᠄ ᠽᠠᠶ᠎ᠠ ᠪᠠᠨᠳᠢᠳᠠ᠂ ᠯᠣᠪᠰᠠᠩ᠋᠂ ᠦᠶ᠎ᠡ ᠰᠦᠯᠵᠢᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠣᠢᠷᠠᠳ ᠤᠨ ᠰᠤᠷᠪᠤᠯᠵᠢ ᠪᠢᠴᠢᠭ᠌᠂ ᠲᠡᠦᠬᠡᠨ ᠴᠠᠳᠢᠭ ᠤᠳ ᠤᠨ ᠳᠣᠲᠤᠷ᠎ᠠ ᠠᠳᠠᠯᠢᠬᠠᠨ ᠨᠡᠷ᠎ᠡ ᠲᠡᠢ᠂ ᠡᠰᠡᠭᠦᠯ᠎ᠡ ᠠᠳᠠᠯᠢ ᠵᠡᠷᠭᠡ ᠳᠡᠰ ᠪᠠ ᠴᠣᠯᠠ ᠲᠠᠢ᠂ ᠨᠡᠩ ᠴᠠᠭᠠᠰᠢᠯᠠᠨ ᠡᠭᠡᠭᠡ ᠠᠳᠠᠯᠢᠬᠠᠨ ᠨᠡᠷ᠎ᠡ ᠴᠣᠯᠠ ᠲᠠᠢ ᠬᠥᠮᠦᠰ ᠴᠦ ᠨᠡᠯᠢᠶᠡᠳ ᠠᠷᠪᠢᠨ ᠭᠠᠷᠳᠠᠭ᠃ ᠡᠨᠡ ᠰᠤᠳᠤᠯᠭᠠᠨ ᠤ ᠶᠠᠪᠤᠴᠠ ᠳᠤ ᠬᠠᠷᠢᠯᠴᠠᠨ ᠬᠤᠳᠭᠤᠯᠳᠤᠭᠤᠯᠬᠤ ᠪᠤᠶᠤ ᠡᠨᠳᠡᠭᠦᠷᠡᠬᠦ ᠶᠠᠪᠤᠳᠠᠯ ᠢ ᠠᠪᠴᠢᠷᠠᠬᠤ ᠨᠢ ᠡᠩ ᠦᠨ ᠶᠠᠪᠤᠳᠠᠯ ᠪᠣᠯᠬᠤ ᠶᠤᠮ᠃ ᠲᠡᠭᠡᠪᠡᠯ ᠡᠳᠡᠭᠡᠷ ᠬᠥᠮᠦᠰ ᠦᠨ ᠦᠶ᠎ᠡ ᠰᠦᠯᠵᠢᠯ᠂ ᠴᠠᠳᠢᠭ ᠤᠨ ᠲᠤᠬᠠᠢ ᠤᠯᠠᠮ ᠲᠣᠳᠣᠷᠠᠬᠠᠢ ᠣᠢᠯᠠᠭᠠᠵᠤ ᠮᠡᠳᠡᠶ᠎ᠡ ᠭᠡᠪᠡᠯ ᠪᠢᠳᠡ ᠲᠡᠳᠡᠨ ᠤ ᠲᠤᠬᠠᠢ ᠶᠢᠨ ᠣᠷᠴᠢᠨ ᠠᠬᠤᠢ ᠪᠣᠯᠤᠨ ᠲᠡᠦᠬᠡᠲᠦ ᠦᠢᠯᠡ ᠶᠠᠪᠤᠳᠠᠯ ᠤᠨ ᠳᠤᠮᠳᠠ ᠠᠴᠠ ᠣᠴᠢᠵᠤ ᠲᠠᠨᠢᠬᠤ ᠶᠣᠰᠣᠲᠠᠢ᠃ ᠲᠤᠰ ᠥᠭᠦᠯᠡᠯ ᠳᠦ︽ ᠽᠠᠶ᠎ᠠ ᠪᠠᠨᠳᠢᠳᠠ︾ ᠶᠢᠨ ᠲᠠᠢᠯᠪᠤᠷᠢ ᠳᠤ ᠬᠢ ᠯᠣᠪᠰᠠᠩ᠋ ᠤᠨ ᠦᠶ᠎ᠡ ᠰᠦᠯᠵᠢᠯ ᠦᠨ ᠡᠨᠳᠡᠭᠦᠷᠡᠯ ᠦᠨ ᠲᠤᠬᠠᠢ ᠥᠭᠦᠯᠡᠵᠡᠢ᠃