ᠮᠣᠩᠭᠤᠯ ᠡᠸᠦ᠋ᠷᠦᠫᠡ ᠡᠮᠨᠡᠯᠭᠡ ᠶᠢ ᠤᠶᠠᠯᠳᠤᠭᠤᠯᠤᠨ ᠰᠢᠯᠪᠢ ᠶᠢᠨ ᠶᠠᠰᠤᠨ ᠤ ᠬᠤᠭᠤᠷᠠᠯ ᠳᠤ ᠬᠠᠯᠳᠠᠪᠤᠷᠢᠯᠠᠯ ᠳᠠᠪᠬᠤᠴᠠᠭᠰᠠᠨ ᠠᠴᠠ ᠪᠣᠯᠤᠭᠰᠠᠨ ᠦᠯᠦ ᠡᠳᠡᠭᠡᠷᠡᠯᠲᠡ ᠶᠢ ᠵᠠᠰᠠᠭᠰᠠᠨ24 ᠵᠢᠱ᠌ᠢᠶ᠎ᠡ ᠶ᠋ᠢᠨ ᠠᠵᠢᠭᠯᠠᠯᠲᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭ᠎ᠠ -> 200802
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/05
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠶᠢᠨ ᠰᠦᠸᠧ᠂ ᠬᠠᠨ ᠰᠢᠶᠣᠣ ᠮᠧᠢ
ᠵᠠᠩᠭᠢᠯᠠᠭ᠎ᠠ ᠦᠭᠡ᠄ ᠮᠣᠩᠭᠤᠯ ᠡᠮ᠂ ᠶᠠᠰᠤᠨ ᠤ ᠬᠤᠭᠤᠷᠠᠯ᠂ ᠬᠠᠯᠳᠠᠪᠤᠷᠢᠯᠠᠯ᠂ ᠵᠠᠰᠠᠬᠤ ᠠᠷᠭ᠎ᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠮᠣᠩᠭᠤᠯ ᠡᠸᠦ᠋ᠷᠦᠫᠡ ᠡᠮᠨᠡᠯᠭᠡ ᠶᠢᠨ ᠠᠷᠭ᠎ᠠ ᠶᠢ ᠤᠶᠠᠯᠳᠤᠭᠤᠯᠤᠨ24 ᠵᠢᠱ᠌ᠢᠶ᠎ᠡ ᠰᠢᠯᠪᠢ ᠶᠢᠨ ᠶᠠᠰᠤᠨ ᠤ ᠬᠤᠭᠤᠷᠠᠯ ᠳᠤ ᠬᠠᠯᠳᠠᠪᠤᠷᠢᠯᠠᠯ ᠳᠠᠪᠬᠤᠴᠠᠭᠰᠠᠨ ᠠᠴᠠ ᠪᠣᠯᠤᠭᠰᠠᠨ ᠦᠯᠦ ᠡᠳᠡᠭᠡᠷᠡᠯᠲᠡ ᠶᠢ ᠵᠠᠰᠠᠵᠤ᠂ ᠲᠡᠭᠦᠨ ᠦ᠌ ᠡᠮᠨᠡᠯ ᠦᠨ ᠠᠴᠢ ᠲᠤᠰᠠ ᠶᠢᠨ ᠲᠤᠬᠠᠢ ᠠᠵᠢᠭᠯᠠᠯᠲᠠ ᠬᠢᠪᠡ᠃ ᠵᠠᠰᠠᠯᠭ᠎ᠠ ᠶᠢᠨ ᠳ᠋ᠦᠩ ᠳᠦ᠂ ᠭᠠᠳᠠᠷ ᠰᠢᠷᠬᠠᠨ ᠤ ᠡᠳᠡᠭᠡᠷᠡᠭᠰᠡᠨ ᠬᠤᠭᠤᠴᠠᠭ᠎ᠠ ᠨᠢ3∼6 ᠭᠠᠷᠠᠭ᠂ ᠬᠠᠮᠤᠭ ᠤᠨ ᠣᠬᠤᠷ ᠨᠢ3 ᠭᠠᠷᠠᠭ᠂ ᠬᠠᠮᠤᠭ ᠤᠨ ᠤᠷᠲᠤ ᠨᠢ6 ᠭᠠᠷᠠᠭ᠂ ᠲᠡᠭᠰᠢᠳᠭᠡᠭᠡᠳ28 ᠡᠳᠦᠷ᠂ ᠶᠠᠰᠤᠨ ᠤ ᠡᠳᠡᠭᠡᠷᠡᠭᠰᠡᠨ ᠬᠤᠭᠤᠴᠠᠭ᠎ᠠ ᠨᠢ5∼9᠂ᠲᠡᠭᠰᠢᠳᠭᠡᠭᠡᠳ6 ᠰᠠᠷ᠎ᠠ᠃ ᠵᠠᠰᠠᠯ ᠤᠨ ᠳᠠᠷᠠᠭ᠎ᠠ ᠡᠳᠡᠭᠡᠷᠡᠯᠲᠡ ᠶᠢ ᠠᠵᠢᠯᠯᠠᠭ᠎ᠠ ᠶᠢᠨ ᠰᠠᠢᠵᠢᠷᠠᠯᠲᠠ ᠪᠠᠷ ᠨᠢ ᠬᠤᠪᠢᠶᠠᠪᠠᠯ ᠢᠯᠡᠷᠬᠡᠢ ᠲᠤᠰᠠᠯᠠᠭᠰᠠᠨ ᠨᠢ18 ᠵᠢᠱ᠌ᠢᠶ᠎ᠡ᠂ ᠲᠤᠰᠠᠯᠠᠭᠰᠠᠨ ᠨᠢ4 ᠵᠢᠱ᠌ᠢᠶ᠎ᠡ᠂ ᠡᠰᠡ ᠲᠤᠰᠠᠯᠠᠭᠰᠠᠨ ᠨᠢ2 ᠵᠢᠱ᠌ᠢᠶ᠎ᠡ᠃ ᠠᠴᠢ ᠲᠤᠰᠠ ᠦᠵᠡᠭᠦᠯᠦᠭᠰᠡᠨ ᠨᠤᠷᠮ᠎ᠠ ᠨᠢ91.7%᠂ ᠡᠮᠴᠢᠯᠡᠭᠡᠨ ᠦ᠌ ᠳ᠋ᠦᠩ ᠦᠨ ᠬᠠᠷᠠᠭᠤᠯᠤᠭᠰᠠᠨ ᠢᠶᠠᠷ᠂ ᠬᠠᠯᠳᠠᠪᠤᠷᠢᠯᠠᠯ ᠠᠴᠠ ᠪᠣᠯᠤᠭᠰᠠᠨ ᠰᠢᠯᠪᠢ ᠶᠢᠨ ᠶᠠᠰᠤᠨ ᠤ ᠦᠯᠦ ᠡᠳᠡᠭᠡᠷᠡᠯᠲᠡ ᠶᠢ ᠵᠥᠭᠡᠯᠡᠨ ᠨᠡᠬᠡᠳᠡᠰᠦ ᠶᠢᠨ ᠭᠡᠮᠲᠦᠯ ᠢ ᠨᠥᠬᠦᠪᠦᠷᠢᠯᠡᠭᠰᠡᠨ ᠦ᠌ ᠳᠠᠷᠠᠭ᠎ᠠ ᠮᠣᠩᠭᠤᠯ ᠡᠮ ᠪᠠ ᠡᠸᠦ᠋ᠷᠦᠫᠡ ᠡᠮᠨᠡᠯᠭᠡ ᠶᠢᠨ ᠬᠤᠪᠢᠰᠤᠩᠭᠤᠢ ᠵᠠᠳᠠᠯᠤᠯᠲᠠ ᠶᠢᠨ ᠠᠷᠭ᠎ᠠ ᠪᠠᠷ ᠰᠢᠨᠵᠢᠯᠡᠵᠦ ᠵᠠᠰᠠᠬᠤ ᠨᠢ ᠡᠪᠡᠳᠴᠢᠨ ᠦ᠌ ᠶᠠᠪᠤᠴᠠ ᠶᠢ ᠪᠣᠭᠤᠨᠢᠰᠭᠠᠵᠤ᠂ ᠰᠢᠷᠬᠠᠨ ᠤ ᠡᠳᠡᠭᠡᠷᠡᠯᠲᠡ ᠶᠢ ᠲᠦᠷᠭᠡᠳᠭᠡᠨ᠂ ᠶᠠᠰᠤᠨ ᠤ ᠪᠣᠷᠤ ᠤᠷᠭᠤᠬᠤ ᠶᠢ ᠰᠠᠢᠵᠢᠷᠠᠭᠤᠯᠵᠤ᠂ ᠶᠠᠰᠤᠨ ᠤ ᠡᠳᠡᠭᠡᠷᠡᠯᠲᠡ ᠶᠢ ᠠᠬᠢᠭᠤᠯᠵᠤ ᠴᠢᠳᠠᠨ᠎ᠠ᠃