ᠬᠠᠷᠠᠪᠤᠷ-7 ᠶᠢᠨ ᠬᠤᠮᠵᠢᠶ᠎ᠠ ᠡᠮ ᠢᠶᠡᠷ ᠤᠳᠠᠭᠠᠨ ᠴᠢᠨᠠᠷ ᠲᠠᠢ ᠰᠠᠯᠪᠤᠷᠢ ᠮᠥᠭᠡᠷᠰᠦᠨ ᠬᠣᠭᠤᠯᠠᠢ ᠶᠢᠨ ᠦᠷᠪᠢᠰᠦᠯ ᠢ ᠡᠮᠨᠡᠨ ᠵᠠᠰᠠᠭᠰᠠᠨ ᠡᠮᠴᠢᠯᠡᠭᠡᠨ ᠤ ᠰᠤᠳᠤᠯᠭ᠎ᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭ᠎ᠠ -> 201102
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/03/04
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠢᠦ ᠯᠠᠨ
ᠵᠠᠩᠭᠢᠯᠠᠭ᠎ᠠ ᠦᠭᠡ᠄ ᠬᠠᠷᠠᠪᠤᠷ︱7 ᠶᠢᠨ ᠬᠤᠮᠵᠢᠶ᠎ᠠ ᠡᠮ᠂ ᠤᠳᠠᠭᠠᠨ ᠴᠢᠨᠠᠷ ᠲᠠᠢ ᠰᠠᠯᠪᠤᠷᠢ ᠮᠥᠭᠡᠷᠰᠦᠨ ᠬᠣᠭᠤᠯᠠᠢ ᠶᠢᠨ ᠦᠷᠪᠢᠰᠦᠯ᠂ ᠡᠮᠴᠢᠯᠡᠭᠡᠨ ᠤ ᠰᠤᠳᠤᠯᠭ᠎ᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠵᠣᠷᠢᠯᠭ᠎ᠠ᠄ᠬᠠᠷᠠᠪᠤᠷ︱7 ᠶᠢᠨ ᠬᠤᠮᠵᠢᠶ᠎ᠠ ᠡᠮ ᠢᠶᠡᠷ ᠤᠳᠠᠭᠠᠨ ᠴᠢᠨᠠᠷ ᠲᠠᠢ ᠰᠠᠯᠪᠤᠷᠢ ᠮᠥᠭᠡᠷᠰᠦᠨ ᠬᠣᠭᠤᠯᠠᠢ ᠶᠢᠨ ᠦᠷᠪᠢᠰᠦᠯ ᠢ ᠡᠮᠨᠡᠨ ᠵᠠᠰᠠᠭᠰᠠᠨ ᠡᠮᠴᠢᠯᠡᠭᠡᠨ ᠤ ᠠᠴᠢ ᠲᠤᠰᠠ ᠶᠢ ᠲᠣᠳᠤᠷᠬᠠᠢᠯᠠᠨᠠ᠃ ᠠᠷᠭ᠎ᠠ᠄60 ᠵᠢᠱᠢᠶ᠎ᠡ ᠤᠳᠠᠭᠠᠨ ᠴᠢᠨᠠᠷᠲᠠᠢ ᠰᠠᠯᠪᠤᠷᠢ ᠮᠥᠭᠡᠷᠰᠦᠨ ᠬᠣᠭᠤᠯᠠᠢ ᠶᠢᠨ ᠦᠷᠪᠢᠰᠦᠯ ᠲᠡᠢ ᠡᠪᠡᠳᠴᠢᠲᠡᠨ ᠢ ᠲᠠᠰᠢᠷᠠᠮ ᠰᠠᠴᠠᠭᠤ ᠪᠠᠷ ᠡᠮᠨᠡᠨ ᠵᠠᠰᠠᠬᠤ ᠳᠤᠭᠤᠢᠯᠠᠩ ᠪᠠ ᠬᠠᠷᠢᠴᠠᠭᠤᠯᠬᠤ ᠳᠤᠭᠤᠢᠯᠠᠩ ᠪᠣᠯᠭᠠᠨ ᠬᠤᠪᠢᠶᠠᠵᠤ᠂ ᠲᠤᠰ ᠪᠦᠷᠢ ᠬᠠᠷᠠᠪᠤᠷ︱7 ᠶᠢᠨ ᠬᠤᠮᠵᠢᠶ᠎ᠠ ᠡᠮ ᠪᠣᠯᠤᠨ ᠹᠧᠢ ᠨᠢᠩ ᠬᠤᠮᠵᠢᠶ᠎ᠠ ᠡᠮ ᠢᠶᠡᠷ ᠵᠠᠰᠠᠪᠠ᠃ ᠦᠷ᠎ᠡ ᠳ᠋ᠦᠩ᠄ ᠡᠮᠨᠡᠨ ᠵᠠᠰᠠᠬᠤ ᠳᠤᠭᠤᠢᠯᠠᠩ ᠤᠨ ᠢᠯᠡᠳᠲᠡ ᠰᠠᠢᠵᠢᠷᠠᠭᠰᠠᠨ ᠨᠤᠷᠮ᠎ᠠ ᠨᠢ46.6%᠂ ᠶᠡᠷᠦᠩᠬᠡᠢ ᠲᠤᠰᠠᠯᠠᠭᠰᠠᠨ ᠨᠤᠷᠮ᠎ᠠ ᠨᠢ83.3%᠂ ᠬᠠᠷᠢᠴᠠᠭᠤᠯᠬᠤ ᠳᠤᠭᠤᠢᠯᠠᠩ ᠤᠨ ᠢᠯᠡᠳᠲᠡ ᠰᠠᠢᠵᠢᠷᠠᠭᠰᠠᠨ ᠨᠤᠷᠮ᠎ᠠ ᠨᠢ40%᠂ ᠶᠡᠷᠦᠩᠬᠡᠢ ᠲᠤᠰᠠᠯᠠᠭᠰᠠᠨ ᠨᠤᠷᠮ᠎ᠠ ᠨᠢ76.7%᠂ ᠬᠣᠶᠠᠷ ᠳᠤᠭᠤᠢᠯᠠᠩ ᠢ ᠬᠠᠷᠢᠴᠠᠭᠤᠯᠤᠭᠰᠠᠨ ᠤ ᠳ᠋ᠦᠩ ᠳᠦ ᠢᠯᠡᠳᠲᠡ ᠵᠥᠷᠢᠶ᠎ᠡ ᠦᠭᠡᠢ︵p>0.05︶︔ ᠵᠠᠰᠠᠬᠤ ᠠᠴᠠ ᠡᠮᠦᠨ᠎ᠡ ᠬᠣᠢᠨᠠᠬᠢ ᠴᠡᠭᠡᠵᠢᠨ ᠤx ᠰᠠᠴᠤᠷᠠᠭ ᠤᠨ ᠪᠠᠢᠴᠠᠭᠠᠯᠲᠠ ᠶᠢ ᠬᠣᠶᠠᠷ ᠳᠤᠭᠤᠢᠯᠠᠩ ᠢ ᠬᠣᠭᠤᠷᠤᠨᠳᠤ ᠨᠢ ᠬᠠᠷᠢᠴᠠᠭᠤᠯᠬᠤ ᠳᠤ ᠢᠯᠡᠷᠬᠡᠢ ᠵᠥᠷᠢᠶ᠎ᠡ ᠦᠭᠡᠢ︵p>0.05︶᠃ ᠬᠣᠶᠠᠷ ᠳᠤᠭᠤᠢᠯᠠᠩ ᠢ ᠵᠠᠰᠠᠬᠤ ᠠᠴᠠ ᠡᠮᠦᠨ᠎ᠡ ᠬᠣᠢᠨᠠᠬᠢ ᠶᠢ ᠳᠣᠲᠤᠷ ᠵᠠᠭᠤᠷ᠎ᠠ ᠨᠢ ᠬᠠᠷᠢᠴᠠᠭᠤᠯᠬᠤ ᠳᠤ ᠪᠦᠷ ᠢᠯᠡᠷᠬᠡᠢ ᠵᠥᠷᠢᠶ᠎ᠡ ᠲᠡᠢ︵p<0.05︶᠃ ᠳ᠋ᠦᠩᠨᠡᠯᠲᠡ᠄ ᠬᠠᠷᠠᠪᠤᠷ︱7 ᠶᠢᠨ ᠬᠤᠮᠵᠢᠶ᠎ᠠ ᠡᠮ ᠦᠨ ᠡᠮᠴᠢᠯᠡᠭᠡᠨ ᠤ ᠠᠴᠢ ᠲᠤᠰᠠ ᠨᠢ ᠹᠧᠢ ᠨᠢᠩ ᠬᠤᠮᠵᠢᠶ᠎ᠠ ᠡᠮ ᠲᠡᠢ ᠠᠳᠠᠯᠢᠪᠲᠤᠷ ᠪᠠᠢᠨ᠎ᠠ᠃