ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

ᠷᠠᠮᠠᠨ ᠭᠡᠷᠡᠯ ᠵᠢᠭᠰᠠᠯ ᠤ᠋ᠨ ᠠᠷᠭ᠎ᠠ ᠪᠠᠷ ᠮᠸᠲ᠋ᠸᠯ ᠨᠠᠨᠤ᠋ ᠪᠥᠭᠡᠮ ᠢ᠋ ᠭᠠᠳᠠᠭᠠᠳᠤ ᠠ᠋ᠴᠠ ᠬᠠᠪᠤᠳᠠᠷ ᠤ᠋ᠨ ᠡᠮ ᠦ᠋ᠨ ᠮᠣᠯᠧᠺᠦ᠋ᠯ ᠰᠠᠯᠬᠤ ᠹᠣᠷᠣᠴᠸᠰᠰ ᠢ᠋ ᠰᠤᠳᠤᠯᠬᠤ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201701
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/31
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ﹇ ᠮᠣᠩᠭᠤᠯ﹈ ᠭ ᠡᠷᠳᠡᠨᠢᠸᠴᠢᠷ᠂﹇ ᠺᠣᠷᠢᠶᠠ﹈ ᠵᠦᠩ ᠰᠡᠩᠭᠸ- ᠡᠦ
ᠵᠠᠩᠭᠢᠯᠠᠭ᠎ᠠ ᠦᠭᠡ᠄ ᠠᠯᠲᠠᠨ ᠤ᠋ ᠨᠠᠨᠣ᠋ ᠪᠥᠭᠡᠮ︔ ᠷᠠᠮᠠᠨ ᠭᠡᠷᠡᠯ ᠵᠢᠭᠰᠠᠯ ᠤ᠋ᠨ ᠠᠷᠭ᠎ᠠ︔ ᠬᠠᠪᠤᠳᠠᠷ ᠤ᠋ᠨ ᠡᠮ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠡᠳᠡᠭᠡᠷ ᠠᠵᠢᠯ ᠤ᠋ᠳ ᠲᠤ᠌ ᠪᠢᠳᠡ ᠠᠯᠲᠠᠨ ᠤ᠋ ᠨᠠᠨᠣ᠋ ᠪᠥᠭᠡᠮ︵AuNPs︶ ᠂ ᠬᠠᠪᠤᠳᠠᠷ ᠤ᠋ᠨ ᠡᠮ ᠢ᠋ ᠡᠰ ᠤᠷᠤᠭᠤ ᠵᠥᠭᠡᠭᠡᠪᠦᠷᠢᠯᠡᠭᠴᠢ ᠪᠣᠯᠭᠠᠨ ᠠᠰᠢᠭᠯᠠᠨ᠂ ᠡᠰ ᠳᠣᠲᠤᠷ᠎ᠠ ᠡᠮ ᠦ᠋ᠨ ᠮᠣᠯᠧᠺᠦ᠋ᠯ ᠨᠠᠨᠣ᠋ ᠪᠥᠭᠡᠮ ᠦ᠋ᠨ ᠭᠠᠳᠠᠷᠭᠤ ᠠ᠋ᠴᠠ ᠰᠠᠯᠬᠤ ᠹᠣᠷᠣᠴᠸᠰᠰ ᠢ᠋ ᠷᠠᠮᠠᠨ ᠭᠡᠷᠡᠯ ᠵᠢᠭᠰᠠᠯ ᠤ᠋ᠨ ᠠᠷᠭ᠎ᠠ ᠪᠠᠷ ᠪᠣᠳᠠᠲᠤ ᠬᠤᠭᠤᠴᠠᠭᠠᠨ ᠤ᠋ ᠬᠢᠨᠠᠯᠲᠠ ᠰᠢᠨᠵᠢᠯᠡᠭᠡ ᠬᠢᠬᠦ ᠪᠣᠯᠤᠮᠵᠢᠲᠠᠢ ᠵᠢ ᠰᠤᠳᠤᠯᠤᠭᠰᠠᠨ᠃ ᠡᠬᠢᠨ ᠤ᠋ ᠲᠤᠷᠰᠢᠯᠲᠠ ᠳ᠋ᠤ᠌ ᠠᠰᠢᠭᠯᠠᠭᠰᠠᠨ ᠬᠠᠪᠤᠳᠠᠷ ᠤ᠋ᠨ ᠡᠮ ᠦ᠋ᠳ ᠪᠣᠯᠬᠤ ᠢᠮᠠᠲ᠋ᠢᠨᠢᠪ︵IMT︶ ᠪᠠ ᠲᠣᠫᠣᠲ᠋ᠸᠺᠠᠨ︵TOPO︶ ᠨᠢ ᠠᠯᠲᠠᠨ ᠤ᠋ ᠨᠠᠨᠣ᠋ ᠪᠥᠭᠡᠮ ᠲᠠᠢ ᠺᠣᠸᠠᠯᠸᠨ᠋ᠲ︵GSH︶ ᠬᠣᠯᠪᠤᠭ᠎ᠠ ᠡᠭᠦᠰᠭᠡᠳᠡᠭ ᠤᠴᠢᠷ ᠠ᠋ᠴᠠ ᠡᠰ ᠳᠣᠲᠤᠷᠠᠬᠢ ᠭᠯᠦ᠋ᠲ᠋ᠡᠲ᠋ᠢᠶᠦ᠋ᠨ ᠤ᠋ ᠨᠥᠯᠦᠭᠡ ᠪᠡᠷ ᠠᠮᠠᠷᠬᠠᠨ ᠰᠠᠯᠵᠤ ᠪᠠᠢᠬᠤ ᠳ᠋ᠤ᠌ ᠤᠭᠤᠷᠠᠭ ᠤ᠋ᠨ ᠮᠣᠯᠧᠺᠦ᠋ᠯ ᠤ᠋ᠨ ᠬᠣᠯᠪᠤᠭᠴᠢ ᠪᠣᠯᠬᠤ4-CBT ᠨᠠᠨᠣ᠋ ᠪᠥᠭᠡᠮ ᠦ᠋ᠨ ᠭᠠᠳᠠᠷᠭᠤ ᠳᠡᠭᠡᠷ᠎ᠡ ᠬᠦᠴᠦᠲᠡᠢ ᠬᠣᠯᠪᠤᠭᠠᠨ ᠤ᠋ ᠤᠯᠠᠮ ᠠ᠋ᠴᠠ ᠪᠠᠢᠭᠰᠠᠭᠠᠷ ᠪᠠᠢᠭ᠎ᠠ ᠨᠢ ᠷᠠᠮᠠᠨ ᠭᠡᠷᠡᠯ ᠵᠢᠭᠰᠠᠯ ᠤ᠋ᠨ ᠠᠷᠭ᠎ᠠ ᠶ᠋ᠢᠨ ᠬᠡᠮᠵᠢᠯᠲᠡ ᠪᠡᠷ ᠪᠠᠲᠤᠯᠠᠭᠳᠠᠭᠰᠠᠨ᠃ ᠬᠠᠷᠢᠨ ᠳᠠᠷᠠᠭ᠎ᠠ ᠶ᠋ᠢᠨ ᠲᠤᠷᠰᠢᠯᠲᠠ ᠳ᠋ᠤ᠌ ᠪᠢᠳᠡ ᠷᠸᠽᠤᠨᠠᠨᠰ ᠷᠠᠮᠠᠨ ᠰᠠᠷᠨᠢᠯ ᠥᠭᠳᠡᠭ᠂ ᠮᠢᠲ᠋ᠣᠺᠰᠠᠨ᠋ᠲ᠋ᠣᠷᠣᠨ︵MTX︶ ᠢ᠋ ᠠᠰᠢᠭᠯᠠᠭᠰᠠᠨ ᠪᠥᠭᠡᠳ ᠬᠠᠪᠤᠳᠠᠷ ᠤ᠋ᠨ ᠡᠰ ᠳᠣᠲᠤᠷ᠎ᠠ ᠲᠡᠭᠦᠨᠴᠢᠯᠡᠨ ᠤ᠋ ᠷᠠᠮᠠᠨ ᠭᠡᠷᠡᠯ ᠵᠢᠭᠰᠠᠯ ᠢ᠋ ᠪᠦᠷᠢᠳᠭᠡᠵᠦ᠂ ᠨᠠᠨᠣ᠋ ᠪᠥᠭᠡᠮ ᠦ᠋ᠨ ᠭᠠᠳᠠᠷᠭᠤ ᠠ᠋ᠴᠠ ᠰᠠᠯᠬᠤ ᠹᠣᠷᠣᠴᠸᠰᠰ ᠢ᠋ ᠪᠣᠳᠠᠲᠤ ᠬᠤᠭᠤᠴᠠᠭᠠᠨ ᠤ᠋ ᠬᠢᠨᠠᠯᠲᠠ ᠰᠢᠨᠵᠢᠯᠡᠭᠡ ᠬᠢᠵᠦ ᠬᠡᠮᠵᠢᠭᠰᠡᠨ᠃