ᠭᠦᠷᠭᠦᠮ ᠮᠡᠲᠦ ᠶ᠋ᠢᠨ12 ᠵᠦᠢᠯ ᠦ᠋ᠨ ᠮᠣᠩᠭᠤᠯ ᠡᠮ ᠦ᠋ᠨ ᠴᠡᠴᠡᠭ ᠦ᠋ᠨ ᠲᠣᠭᠤᠰᠤᠪᠴᠢ ᠶ᠋ᠢᠨ ᠮᠢᠺᠷᠣ᠋ ᠪᠦᠲᠦᠴᠡ ᠬᠢᠭᠡᠳ ᠲᠡᠳᠡᠭᠡᠷ ᠲᠦ᠍ ᠳ᠋ᠢᠭᠢᠲ᠋ᠠᠯ ᠳᠦᠷᠰᠦᠯᠡᠯᠲᠡ ᠬᠢᠭᠰᠡᠨ ᠨᠢ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201400
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠠᠰᠰᠦ᠋ᠷᠦᠩ᠂ ᠠᠮᠤᠭᠤᠯᠠᠩ
ᠵᠠᠩᠭᠢᠯᠠᠭ᠎ᠠ ᠦᠭᠡ᠄ ᠴᠡᠴᠡᠭ ᠦ᠋ᠨ ᠲᠥᠷᠦᠯ ᠦ᠋ᠨ ᠮᠣᠩᠭᠤᠯ ᠡᠮ︔ ᠴᠡᠴᠡᠭ ᠦ᠋ᠨ ᠲᠣᠭᠤᠰᠤᠪᠴᠢ︔ ᠮᠢᠺᠷᠣ᠋ ᠪᠦᠲᠦᠴᠡ ᠶ᠋ᠢᠨ ᠣᠨᠴᠠᠯᠢᠭ︔ ᠳ᠋ᠢᠭᠢᠲ᠋ᠠᠯ ᠳᠦᠷᠰᠦᠯᠡᠯ ᠬᠢᠬᠦ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠦᠷᠭᠦᠯᠵᠢ ᠬᠡᠷᠡᠭᠯᠡᠳᠡᠭ ᠴᠡᠴᠡᠭ ᠦ᠋ᠨ ᠲᠥᠷᠦᠯ ᠦ᠋ᠨ ᠮᠣᠩᠭᠤᠯ ᠡᠮ ᠦ᠋ᠨ ᠴᠡᠴᠡᠭ ᠦ᠋ᠨ ᠲᠣᠭᠤᠰᠤᠪᠴᠢ ᠶ᠋ᠢᠨ ᠮᠢᠺᠷᠣ᠋ ᠪᠦᠲᠦᠴᠡ ᠶ᠋ᠢᠨ ᠣᠨᠴᠠᠯᠢᠭ ᠢ᠋ ᠬᠠᠷᠢᠴᠠᠭᠤᠯᠤᠨ ᠵᠠᠳᠠᠯᠬᠤ ᠪᠠ ᠳ᠋ᠢᠭᠢᠲ᠋ᠠᠯ ᠳᠦᠷᠰᠦᠯᠡᠯ ᠬᠢᠬᠦ ᠶ᠋ᠢᠨ ᠲᠥᠯᠦᠭᠡ ᠲᠤᠰ ᠲᠤᠷᠰᠢᠯᠲᠠ ᠳ᠋ᠤ᠌ ᠭᠦᠷᠭᠦᠮ ᠮᠡᠲᠦ ᠶ᠋ᠢᠨ12 ᠵᠦᠢᠯ ᠦ᠋ᠨ ᠴᠡᠴᠡᠭ ᠦ᠋ᠨ ᠲᠥᠷᠦᠯ ᠦ᠋ᠨ ᠮᠣᠩᠭᠤᠯ ᠡᠮ ᠢ᠋ ᠰᠣᠩᠭᠤᠵᠤ᠂ ᠭᠡᠷᠡᠯᠯᠢᠭ ᠮᠢᠺᠷᠣᠰᠺᠣᠫ ᠢ᠋ᠶ᠋ᠡᠷ ᠲᠡᠳᠡᠭᠡᠷ ᠦ᠋ᠨ ᠴᠡᠴᠡᠭ ᠦ᠋ᠨ ᠲᠣᠭᠤᠰᠤᠪᠴᠢ ᠶ᠋ᠢᠨ ᠮᠢᠺᠷᠣ᠋ ᠪᠦᠲᠦᠴᠡ ᠶ᠋ᠢᠨ ᠣᠨᠴᠠᠯᠢᠭ ᠢ᠋ ᠬᠠᠷᠢᠴᠠᠭᠤᠯᠤᠨ ᠠᠵᠢᠭᠯᠠᠵᠤ ᠵᠠᠳᠠᠯᠤᠭᠰᠠᠨ ᠰᠠᠭᠤᠷᠢ ᠳᠡᠭᠡᠷ᠎ᠡjacobiᠮᠣᠮᠸᠨ᠋ᠲ ᠢ᠋ᠶ᠋ᠠᠷ ᠳ᠋ᠢᠭᠢᠲ᠋ᠠᠯ ᠳᠦᠷᠰᠦᠯᠡᠯ ᠬᠢᠵᠡᠢ᠃ ᠤᠷᠢᠳ ᠢ᠋ᠶ᠋ᠠᠷ ᠴᠡᠴᠡᠭ ᠦ᠋ᠨ ᠲᠥᠷᠦᠯ ᠦ᠋ᠨ ᠮᠣᠩᠭᠤᠯ ᠡᠮ ᠦ᠋ᠨ ᠨᠤᠨᠲᠠᠭᠯᠠᠨ ᠰᠠᠢᠵᠠᠳᠠᠵᠤ᠂ ᠲᠦᠷᠬᠢᠮᠡᠯ ᠪᠡᠯᠡᠳᠭᠡᠨ᠎ᠡ᠃ ᠵᠠᠯᠭᠠᠭᠠᠳ ᠪᠢᠣ᠋ ᠮᠢᠺᠷᠣᠰᠺᠣᠫ ᠢ᠋ ᠠᠰᠢᠭᠯᠠᠨ ᠴᠡᠴᠡᠭ ᠦ᠋ᠨ ᠲᠥᠷᠦᠯ ᠦ᠋ᠨ ᠮᠣᠩᠭᠤᠯ ᠡᠮ ᠦ᠋ᠨ ᠮᠢᠺᠷᠣ᠋ ᠪᠦᠲᠦᠴᠡ ᠳ᠋ᠤ᠌ ᠠᠵᠢᠭᠯᠠᠯᠲᠠ ᠬᠢᠨ᠎ᠡ᠃ ᠬᠠᠮᠤᠭ ᠤ᠋ᠨ ᠨᠡᠢᠲᠡᠯᠢᠭ ᠴᠢᠨᠠᠷ ᠲᠠᠢ ᠴᠡᠴᠡᠭ ᠦ᠋ᠨ ᠲᠣᠭᠤᠰᠤᠪᠴᠢ ᠵᠢ ᠡᠷᠢᠨ ᠣᠯᠤᠭᠰᠠᠨ ᠤ᠋ ᠬᠣᠢᠨ᠎ᠠ ᠲᠡᠳᠡᠭᠡᠷ ᠢ᠋ ᠰᠡᠭᠦᠳᠡᠷᠯᠡᠵᠦ᠂ ᠲᠡᠳᠡᠭᠡᠷ ᠮᠢᠺᠷᠣ᠋ ᠪᠦᠲᠦᠴᠡ ᠶ᠋ᠢᠨ ᠣᠨᠴᠠᠯᠢᠭ ᠢ᠋ ᠠᠳᠠᠯᠢᠳᠭᠠᠵᠤ᠂ ᠳᠠᠬᠢᠨ ᠳ᠋ᠢᠭᠢᠲ᠋ᠠᠯ ᠳᠦᠷᠰᠦᠯᠡᠯ ᠬᠢᠭᠡᠳ ᠴᠡᠴᠡᠭ ᠦ᠋ᠨ ᠲᠥᠷᠦᠯ ᠦ᠋ᠨ ᠦᠷ᠎ᠡ ᠳ᠋ᠦᠩ ᠡᠴᠡ ᠦᠵᠡᠪᠡᠯ᠂ ᠡᠯ᠎ᠡ ᠵᠦᠢᠯ ᠦ᠋ᠨ ᠮᠣᠩᠭᠤᠯ ᠡᠮ ᠦ᠋ᠨ ᠴᠡᠴᠡᠭ ᠦ᠋ᠨ ᠲᠣᠭᠤᠰᠤᠪᠴᠢ ᠶ᠋ᠢᠨ ᠮᠢᠺᠷᠣ᠋ ᠪᠦᠲᠦᠴᠡ ᠳ᠋ᠤ᠌ ᠢᠯᠡᠷᠬᠡᠢ ᠢᠯᠭᠠᠭ᠎ᠠ ᠲᠠᠢ ᠪᠥᠭᠡᠳ ᠶᠡᠺᠦᠪᠢ︱ ᠹᠦᠷᠢᠢᠶᠸᠷ ᠮᠣᠮᠸᠨ᠋ᠲ ᠨᠢ ᠲᠡᠳᠡᠭᠡᠷ ᠢ᠋ ᠶᠡᠬᠡ ᠰᠠᠢᠬᠠᠨ ᠳ᠋ᠢᠭᠢᠲ᠋ᠠᠯ ᠳᠦᠷᠰᠦᠯᠡᠯ ᠬᠢᠵᠦ ᠴᠢᠳᠠᠭᠰᠠᠨ ᠪᠠᠢᠨ᠎ᠠ᠃