ᠮᠠᠯ ᠤ᠋ᠨ ᠲᠣᠭ᠎ᠠ ᠪᠣᠯᠤᠨ ᠪᠡᠯᠴᠢᠭᠡᠷ ᠶ᠋ᠢᠨ ᠬᠤᠪᠢᠷᠠᠯᠲᠠ ᠶ᠋ᠢᠨ ᠰᠤᠳᠤᠯᠤᠯ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201602
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠾᠸᠦ ᠸᠧᠢ ᠹᠧᠩ᠂ ᠦᠨᠡᠨ᠂ᠵᠢᠨ ᠵᠢᠩ᠂ ᠬᠡᠰᠢᠭᠳᠦ᠋ᠭᠦᠷᠡᠩ
ᠵᠠᠩᠭᠢᠯᠠᠭ᠎ᠠ ᠦᠭᠡ᠄ ᠮᠠᠯ ᠤ᠋ᠨ ᠲᠣᠭ᠎ᠠ︔ ᠪᠡᠯᠴᠢᠭᠡᠮᠵᠢ︔ ᠬᠣᠨᠢᠨ ᠤ᠋ ᠨᠢᠭᠡᠴᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ 2014ᠣᠨ ᠳ᠋ᠤ᠌ ᠪᠠᠷᠠᠭᠤᠨ ᠰᠥᠨᠢᠳ ᠬᠣᠰᠢᠭᠤᠨ ᠤ᠋ ᠵᠢᠷᠦᠬᠡ ᠪᠠᠯᠭᠠᠰᠤ ᠶ᠋ᠢᠨ ᠨᠡᠢᠲᠡᠯᠢᠭ ᠬᠡᠭᠡᠷ᠎ᠡ ᠲᠠᠯ᠎ᠠ ᠳ᠋ᠤ᠌ ᠪᠠᠢᠴᠠᠭᠠᠯᠲᠠ ᠬᠢᠭᠰᠡᠨ ᠪᠠ ᠲᠣᠭ᠎ᠠ ᠪᠠᠷᠢᠮᠲᠠ ᠴᠤᠭᠯᠠᠭᠤᠯᠬᠤ ᠪᠠᠷ ᠳᠠᠮᠵᠢᠭᠠᠳ1950-2014 ᠪᠣᠯᠲᠠᠯᠠᠬᠢ ᠡᠯ᠎ᠡ ᠴᠠᠭ ᠦᠶ᠎ᠡ ᠶ᠋ᠢᠨ ᠮᠠᠯ ᠤ᠋ᠨ ᠲᠣᠭ᠎ᠠ ᠪᠠ1963-2014 ᠣᠨ ᠬᠦᠷᠲᠡᠯᠡᠬᠢ ᠪᠡᠯᠴᠢᠭᠡᠮᠵᠢ ᠶ᠋ᠢᠨ ᠲᠣᠭ᠎ᠠ ᠪᠠᠷᠢᠮᠲᠠ ᠵᠢ ᠪᠦᠷᠢᠳᠭᠡᠵᠦ᠂ ᠴᠢᠨᠠᠭᠰᠢᠯᠠᠨ ᠪᠦᠷᠢᠳᠭᠡᠭᠰᠡᠨ ᠡᠨᠡ ᠮᠠᠯ ᠤ᠋ᠨ ᠲᠣᠭ᠎ᠠ ᠪᠠ ᠪᠡᠯᠴᠢᠭᠡᠮᠵᠢ ᠶ᠋ᠢᠨ ᠲᠣᠭ᠎ᠠ ᠪᠠᠷᠢᠮᠲᠠ ᠳ᠋ᠠᠭᠠᠨ ᠵᠠᠳᠠᠯᠤᠯᠲᠠ ᠬᠢᠪᠡ᠃ ᠡᠭᠦᠨ ᠤ᠋ ᠦᠷ᠎ᠡ ᠳ᠋ᠦᠩ ᠳ᠋ᠤ᠌ ᠢᠯᠡᠳᠭᠡᠭᠰᠡᠨ ᠨᠢ᠄1950 ᠣᠨ ᠠ᠋ᠴᠠ2014 ᠣᠨ ᠪᠣᠯᠲᠠᠯ᠎ᠠ ᠵᠢᠷᠦᠬᠡ ᠪᠠᠯᠭᠠᠰᠤ ᠶ᠋ᠢᠨ ᠮᠠᠯ ᠤ᠋ᠨ ᠲᠣᠭ᠎ᠠ ᠨᠢ47441 ᠬᠣᠨᠢᠨ ᠤ᠋ ᠨᠢᠭᠡᠴᠢ ᠡᠴᠡ ᠨᠡᠮᠡᠭᠳᠡᠭᠡᠳ327878 ᠬᠣᠨᠢᠨ ᠤ᠋ ᠨᠢᠭᠡᠴᠢ ᠪᠣᠯᠪᠠ᠃64 ᠵᠢᠯ ᠳ᠋ᠤ᠌280437 ᠬᠣᠨᠢᠨ ᠤ᠋ ᠨᠢᠭᠡᠴᠢ ᠨᠡᠮᠡᠭᠳᠡᠵᠦ᠂ ᠨᠡᠮᠡᠭᠳᠡᠯ ᠦ᠋ᠨ ᠬᠤᠷᠳᠤᠴᠠ ᠨᠢ9.2% ᠪᠣᠯᠤᠨ᠎ᠠ᠃ ᠮᠠᠯ ᠤ᠋ᠨ ᠲᠣᠭ᠎ᠠ ᠲᠣᠯᠤᠭᠠᠢ ᠨᠡᠮᠡᠭᠳᠡᠭᠰᠡᠨ ᠡᠴᠡ ᠪᠡᠯᠴᠢᠭᠡᠮᠵᠢ ᠪᠠᠭᠠᠰᠴᠠᠢ᠃1963 ᠣᠨ ᠠ᠋ᠴᠠ2014 ᠣᠨ ᠪᠣᠯᠲᠠᠯ᠎ᠠ ᠵᠢᠷᠦᠬᠡ ᠪᠠᠯᠭᠠᠰᠤ ᠶ᠋ᠢᠨ ᠪᠡᠯᠴᠢᠭᠡᠷ ᠦ᠋ᠨ ᠪᠡᠯᠴᠢᠭᠡᠮᠵᠢ ᠨᠢ263698 ᠬᠣᠨᠢᠨ ᠤ᠋ ᠨᠢᠭᠡᠴᠢ ᠡᠴᠡ ᠳᠣᠷᠤᠭᠰᠢᠯᠠᠭᠠᠳ137732 ᠬᠣᠨᠢᠨ ᠤ᠋ ᠨᠢᠭᠡᠴᠢ ᠪᠣᠯᠵᠤ᠂125966 ᠬᠣᠨᠢᠨ ᠤ᠋ ᠨᠢᠭᠡᠴᠢ ᠳᠣᠷᠤᠭᠰᠢᠯᠠᠵᠠᠢ᠃ ᠳᠣᠷᠤᠭᠰᠢᠯᠠᠭᠰᠠᠨ ᠬᠡᠮᠵᠢᠶ᠎ᠡ ᠨᠢ125966 ᠬᠣᠨᠢᠨ ᠤ᠋ ᠨᠢᠭᠡᠴᠢ᠂ ᠳᠣᠷᠤᠭᠰᠢᠯᠠᠭᠰᠠᠨ ᠨᠤᠷᠮ᠎ᠠ ᠨᠢ47.8%᠃ ᠡᠭᠦᠨ ᠡᠴᠡ ᠦᠵᠡᠵᠦ ᠭᠠᠷᠬᠤ ᠨᠢ ᠳᠡᠭᠡᠷ᠎ᠡ ᠵᠠᠭᠤᠨ ᠤ᠋ ᠲᠠᠪᠢᠭᠠᠳ ᠣᠨ ᠠ᠋ᠴᠠ ᠡᠬᠢᠯᠡᠨ ᠵᠢᠷᠦᠬᠡ ᠪᠠᠯᠭᠠᠰᠤ ᠶ᠋ᠢᠨ ᠮᠠᠯ ᠤ᠋ᠨ ᠲᠣᠭ᠎ᠠ ᠵᠢᠯ ᠳᠠᠷᠠᠭᠠᠯᠠᠨ ᠣᠯᠠᠰᠢᠷᠠᠵᠤ᠂ ᠬᠠᠷᠢᠨ ᠪᠡᠯᠴᠢᠭᠡᠮᠵᠢ ᠨᠢ ᠵᠢᠯ ᠳᠠᠷᠠᠭᠠᠯᠠᠨ ᠪᠠᠭᠠᠰᠴᠠᠢ᠃ ᠪᠡᠯᠴᠢᠭᠡᠮᠵᠢ ᠬᠡᠲᠦ ᠪᠠᠭ᠎ᠠ ᠪᠣᠯᠤᠭᠰᠠᠭᠠᠷ ᠪᠡᠯᠴᠢᠭᠡᠷ ᠦ᠋ᠨ ᠡᠬᠢ ᠪᠠᠶᠠᠯᠢᠭ ᠢ᠋ ᠪᠦᠷᠢᠯᠭᠡᠵᠦ᠂ ᠠᠰᠢᠭᠯᠠᠯᠲᠠ ᠶ᠋ᠢᠨ ᠨᠤᠷᠮ᠎ᠠ ᠨᠢ ᠳᠣᠷᠤᠭᠰᠢᠯᠠᠨ᠎ᠠ᠂ ᠪᠡᠯᠴᠢᠭᠡᠮᠵᠢ ᠬᠡᠲᠦ ᠶᠡᠬᠡᠲᠡᠢ ᠪᠠᠢᠭᠰᠠᠭᠠᠷ ᠡᠪᠡᠰᠦᠨ ᠤ᠋ ᠡᠬᠢ ᠪᠠᠶᠠᠯᠢᠭ ᠢ᠋ ᠬᠡᠲᠦᠷᠡᠲᠡᠯ᠎ᠡ ᠠᠰᠢᠭᠯᠠᠵᠤ᠂ ᠪᠡᠯᠴᠢᠭᠡᠷ ᠢ᠋ ᠮᠠᠭᠤᠳᠤᠭᠤᠯᠵᠤ᠂ ᠮᠠᠯ ᠰᠢᠮ᠎ᠡ ᠲᠡᠵᠢᠭᠡᠯ ᠳᠤᠲᠠᠬᠤ ᠪᠣᠯᠤᠨ᠎ᠠ᠃ ᠡᠢᠮᠦ ᠡᠴᠡ ᠮᠠᠯ ᠤ᠋ᠨ ᠲᠣᠭ᠎ᠠ ᠪᠠ ᠮᠠᠯ ᠲᠡᠵᠢᠭᠡᠬᠦ ᠬᠡᠮᠵᠢᠶ᠎ᠡ ᠶ᠋ᠢᠨ ᠬᠤᠪᠢᠷᠠᠯᠲᠠ ᠵᠢ ᠰᠤᠳᠤᠯᠬᠤ ᠨᠢ ᠮᠠᠯ ᠠᠵᠤ ᠠᠬᠤᠢ ᠶ᠋ᠢᠨ ᠦᠷᠭᠦᠯᠵᠢᠯᠡᠬᠦᠢᠴᠡ ᠬᠥᠭᠵᠢᠯᠲᠡ ᠪᠣᠯᠤᠨ ᠠᠮᠢ ᠠᠬᠤᠢ ᠣᠷᠴᠢᠨ ᠲᠣᠭᠤᠷᠢᠨ ᠤ᠋ ᠬᠠᠮᠠᠭᠠᠯᠠᠯᠲᠠ ᠳ᠋ᠤ᠌ ᠶᠡᠬᠡᠬᠡᠨ ᠠᠴᠢ ᠬᠣᠯᠪᠤᠭᠳᠠᠯ ᠲᠠᠢ ᠶᠤᠮ᠃