ᠮᠣᠩᠭᠤᠯ ᠡᠮ ᠺᠤᠸᠠᠨ ᠵᠢᠨ ᠲᠧᠩ ᠪᠠ ᠲᠤᠭᠤᠯ ᠡᠪᠡᠰᠦ ᠶ᠋ᠢᠨ ᠬᠠᠯᠭᠤᠨ ᠢ᠋ ᠪᠠᠭᠤᠷᠠᠭᠤᠯᠬᠤ ᠴᠢᠳᠠᠯ ᠢ᠋ ᠬᠠᠷᠢᠴᠠᠭᠤᠯᠤᠭᠰᠠᠨ ᠰᠤᠳᠤᠯᠭ᠎ᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201602
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠡᠦ ᠣᠷᠭᠢᠯ᠂ ᠰᠦᠩ ᠯᠢᠨ
ᠵᠠᠩᠭᠢᠯᠠᠭ᠎ᠠ ᠦᠭᠡ᠄ ᠺᠤᠸᠠᠨ ᠵᠢᠨ ᠲᠧᠩ︔ ᠲᠤᠭᠤᠯ ᠡᠪᠡᠰᠦ︔ ᠬᠠᠯᠠᠭᠤᠨ ᠢ᠋ ᠪᠠᠭᠤᠷᠠᠭᠤᠯᠬᠤ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠵᠣᠷᠢᠯᠭ᠎ᠠ᠄ ᠺᠤᠸᠠᠨ ᠵᠢᠨ ᠲᠧᠩ ᠪᠠ ᠲᠤᠭᠤᠯ ᠡᠪᠡᠰᠦ ᠬᠣᠶᠠᠷ ᠮᠣᠩᠭᠤᠯ ᠡᠮ ᠦ᠋ᠨ ᠬᠠᠯᠠᠭᠤᠨ ᠢ᠋ ᠪᠠᠭᠤᠷᠠᠭᠤᠯᠬᠤ ᠴᠢᠳᠠᠯ ᠢ᠋ ᠬᠠᠷᠢᠴᠠᠭᠤᠯᠵᠤ ᠰᠤᠳᠤᠯᠤᠨ᠎ᠠ᠃ ᠠᠷᠭ᠎ᠠ ᠪᠠᠷᠢᠯ᠄ ᠠᠮᠢᠲᠠᠨ ᠤ᠋ ᠲᠤᠷᠰᠢᠯᠲᠠ ᠪᠠᠷ ᠳᠠᠮᠵᠢᠨ ᠪᠡᠶ᠎ᠡ ᠶ᠋ᠢᠨ ᠳᠤᠯᠠᠭᠠᠨ ᠨᠢ ᠥᠨᠳᠦᠷᠵᠢᠭᠰᠡᠨwistar ᠡᠭᠦᠯᠳᠡᠷ ᠦ᠋ᠨ ᠲᠣᠮᠤ ᠬᠤᠯᠤᠭᠠᠨ᠎ᠠ ᠳ᠋ᠤ᠌ ᠬᠣᠳᠤᠭᠤᠳᠤ ᠪᠠᠷ ᠡᠮ ᠥᠭᠬᠦ ᠠᠷᠭ᠎ᠠ ᠵᠢ ᠬᠡᠷᠡᠭᠯᠡᠨ︵ ᠺᠤᠸᠠᠨ ᠵᠢᠨ ᠲᠧᠩ ᠦ᠋ᠨ ᠭᠠᠭᠴᠠ ᠲᠠᠩ᠂ ᠲᠤᠭᠤᠯ ᠡᠪᠡᠰᠦᠨ ᠤ᠋ ᠭᠠᠭᠴᠠ ᠲᠠᠩ᠂ ᠹᠢᠽᠢᠣᠯᠣᠭᠢ ᠶ᠋ᠢᠨ ᠳᠠᠪᠤᠰᠤᠨ ᠤ᠋ ᠠᠭᠤᠰᠤᠮᠠᠯ︶ ᠲᠣᠮᠤ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠤ᠋ ᠬᠡᠮᠵᠢᠶ᠎ᠡ ᠵᠢ ᠬᠡᠮᠵᠢᠨ ᠲᠡᠮᠳᠡᠭᠯᠡᠨ᠎ᠡ᠃ ᠦᠷ᠎ᠡ ᠳ᠋ᠦᠩ᠄ ᠲᠤᠷᠰᠢᠯᠲᠠ ᠶ᠋ᠢᠨ ᠦᠷ᠎ᠡ ᠳ᠋ᠦᠩ ᠬᠠᠷᠠᠭᠤᠯᠤᠭᠰᠠᠨ ᠨᠢ᠂ ᠵᠠᠭᠪᠤᠷ ᠳᠤᠭᠤᠢᠯᠠᠩ ᠲᠠᠢ ᠬᠠᠷᠢᠴᠠᠭᠤᠯᠪᠠᠯ ᠺᠤᠸᠠᠨ ᠵᠢᠨ ᠲᠧᠩ ᠦ᠋ᠨ ᠭᠠᠭᠴᠠ ᠲᠠᠩ ᠤ᠋ᠨ ᠳᠤᠭᠤᠢᠯᠠᠩ ᠪᠠ ᠲᠤᠭᠤᠯ ᠡᠪᠡᠰᠦᠨ ᠤ᠋ ᠭᠠᠭᠴᠠ ᠲᠠᠩ ᠤ᠋ᠨ ᠳᠤᠭᠤᠢᠯᠠᠩ ᠤ᠋ᠨ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠨᠢ ᠢᠯᠡᠳᠲᠡ ᠳᠣᠷᠤᠭᠰᠢᠯᠠᠪᠠ᠃ ᠡᠭᠦᠨ ᠳ᠋ᠤ᠌ ᠺᠤᠸᠠᠨ ᠵᠢᠨ ᠲᠧᠩ ᠦ᠋ᠨ ᠭᠠᠭᠴᠠ ᠲᠠᠩ ᠤ᠋ᠨ ᠳᠤᠭᠤᠢᠯᠠᠩ ᠤ᠋ᠨ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠨᠢ ᠲᠤᠭᠤᠯ ᠡᠪᠡᠰᠦᠨ ᠤ᠋ ᠭᠠᠭᠴᠠ ᠲᠠᠩ ᠤ᠋ᠨ ᠳᠤᠭᠤᠢᠯᠠᠩ ᠤ᠋ᠨ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠠ᠋ᠴᠠ ᠨᠡᠩ ᠳᠣᠣᠷ᠎ᠠ᠂ ᠳᠤᠮᠳᠠᠴᠢ ᠬᠡᠮᠵᠢᠭᠳᠡᠯ ᠨᠢ35℃ ᠪᠣᠯᠤᠨ᠎ᠠ᠃ ᠲᠤᠭᠤᠯ ᠡᠪᠡᠰᠦᠨ ᠤ᠋ ᠭᠠᠭᠴᠠ ᠲᠠᠩ ᠤ᠋ᠨ ᠳᠤᠭᠤᠢᠯᠠᠩ ᠤ᠋ᠨ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠤ᠋ ᠳᠤᠮᠳᠠᠴᠢ ᠬᠡᠮᠵᠢᠭᠳᠡᠯ ᠨᠢ37.5℃ᠪᠣᠯᠤᠨ᠎ᠠ᠃ ᠳ᠋ᠦᠩᠨᠡᠯᠲᠡ᠄ ᠺᠤᠸᠠᠨ ᠵᠢᠨ ᠲᠧᠩ ᠦ᠋ᠨ ᠭᠠᠭᠴᠠ ᠲᠠᠩ ᠨᠢ ᠲᠣᠮᠤ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠢ᠋ ᠪᠠᠭᠤᠷᠠᠭᠤᠯᠬᠤ ᠨᠢ ᠢᠯᠡᠷᠬᠡᠢ ᠮᠥᠷᠲᠡᠭᠡᠨ ᠦᠷᠭᠦᠯᠵᠢᠯᠡᠬᠦ ᠬᠤᠭᠤᠴᠠᠭ᠎ᠠ ᠨᠢ ᠤᠷᠲᠤ︔ ᠲᠤᠭᠤᠯ ᠡᠪᠡᠰᠦᠨ ᠤ᠋ ᠭᠠᠭᠴᠠ ᠲᠠᠩ ᠤ᠋ᠨ ᠬᠤᠯᠤᠭᠠᠨ᠎ᠠ ᠶ᠋ᠢᠨ ᠪᠡᠶ᠎ᠡ ᠶ᠋ᠢᠨ ᠳᠤᠯᠠᠭᠠᠨ ᠢ᠋ ᠪᠠᠭᠤᠷᠠᠭᠤᠯᠬᠤ ᠨᠢ ᠠᠨᠠᠢ᠂ ᠦᠷᠭᠦᠯᠵᠢᠯᠡᠬᠦ ᠬᠤᠭᠤᠴᠠᠭ᠎ᠠ ᠨᠢ ᠣᠬᠤᠷ︵1.5ᠴᠠᠭ ᠣᠷᠴᠢᠮ︶᠂ ᠲᠤᠰ ᠰᠤᠳᠤᠯᠭᠠᠨ ᠳ᠋ᠤ᠌ ᠺᠤᠸᠠᠨ ᠵᠢᠨ ᠲᠧᠩ ᠦ᠋ᠨ ᠬᠠᠯᠠᠭᠤᠨ ᠶ᠋ᠢᠨ ᠪᠠᠭᠤᠷᠠᠭᠤᠯᠬᠤ ᠴᠢᠳᠠᠯ ᠴᠢᠩᠭ᠎ᠠ᠂ ᠦᠷᠭᠦᠯᠵᠢᠯᠡᠬᠦ ᠬᠤᠭᠤᠴᠠᠭ᠎ᠠ ᠨᠢ ᠤᠷᠲᠤ ᠭᠡᠳᠡᠭ ᠢ᠋ ᠭᠡᠷᠡᠴᠢᠯᠡᠪᠡ᠃