ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

ᠢᠰᠢᠪᠠᠯᠵᠤᠷ ᠤ᠋ᠨ ᠡᠮ ᠡᠮᠨᠡᠯᠭᠡ ᠡᠷᠳᠡᠮ ᠰᠢᠨᠵᠢᠯᠡᠭᠡ ᠠᠯᠠᠱᠠ ᠨᠤᠲᠤᠭ ᠲᠤ᠌ ᠤᠯᠠᠮᠵᠢᠯᠠᠭᠳᠠᠨ ᠬᠥᠭᠵᠢᠭᠰᠡᠨ ᠲᠤᠬᠠᠢ ᠮᠥᠴᠢᠳ ᠥᠭᠦᠯᠡᠬᠦ ᠨᠢ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201601
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠬᠠᠳᠠᠭᠢᠨ ᠤᠯᠠᠭᠠᠨᠬᠦᠦ
ᠵᠠᠩᠭᠢᠯᠠᠭ᠎ᠠ ᠦᠭᠡ᠄ ᠢᠰᠢᠪᠠᠯᠵᠤᠷ︔ ᠮᠣᠩᠭᠤᠯ ᠡᠮ ᠡᠮᠨᠡᠯᠭᠡ︔ ᠠᠯᠠᠱᠠ ᠡᠵᠡᠨ᠎ᠡ︔ ᠰᠤᠳᠤᠯᠤᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠢᠰᠢᠪᠠᠯᠵᠤᠷ ᠪᠣᠯ ᠠᠷᠪᠠᠨ ᠨᠠᠢ᠍ᠮᠠᠳᠤᠭᠠᠷ ᠵᠠᠭᠤᠨ ᠤ᠋ ᠦᠶ᠎ᠡ ᠶ᠋ᠢᠨ ᠮᠣᠩᠭᠤᠯ ᠤ᠋ᠨ ᠠᠯᠳᠠᠷᠲᠤ ᠭᠦᠨ ᠤᠬᠠᠭᠠᠨᠲᠠᠨ᠂ ᠠᠯᠳᠠᠷᠲᠤ ᠲᠡᠦᠬᠡᠴᠢᠨ᠂ ᠵᠢᠷᠤᠬᠠᠢᠴᠢᠨ᠂ ᠬᠡᠯᠡᠨ ᠤ᠋ ᠰᠢᠨᠵᠢᠯᠡᠯᠲᠡᠨ᠂ ᠵᠣᠬᠢᠶᠠᠯᠴᠢ᠂ ᠰᠢᠯᠭᠠᠷᠠᠭᠰᠠᠨ ᠡᠮᠴᠢ ᠪᠣᠯᠬᠤ ᠶᠡᠬᠡ ᠡᠷᠳᠡᠮᠲᠡᠨ ᠮᠥᠨ᠃ ᠠᠯᠠᠱᠠ ᠬᠣᠱᠤᠳ ᠥᠭᠡᠯᠡᠳ ᠬᠣᠰᠢᠭᠤ ᠪᠣᠯᠤᠨ ᠡᠵᠡᠨ᠎ᠡ ᠶ᠋ᠢᠨ ᠬᠠᠭᠤᠴᠢᠨ ᠲᠣᠷᠭᠤᠳ ᠬᠣᠰᠢᠭᠤ ᠪᠣᠯ ᠤᠤᠯ ᠠ᠋ᠴᠠ ᠳᠥᠷᠪᠡᠨ ᠣᠢᠷᠠᠳ ᠤ᠋ᠨ ᠲᠠᠰᠤᠷᠬᠠᠢ ᠪᠤᠯᠠᠢ᠂ ᠠᠯᠠᠱᠠ ᠡᠵᠡᠨ᠎ᠡ ᠳ᠋ᠤ᠌ ᠮᠣᠩᠭᠤᠯ ᠡᠮ ᠡᠮᠨᠡᠯᠭᠡ ᠬᠥᠭᠵᠢᠭᠰᠡᠨ ᠲᠡᠦᠬᠡ ᠵᠢ ᠥᠭᠦᠯᠡᠬᠦ ᠳ᠋ᠤ᠌ ᠣᠢᠷᠠᠳ ᠤ᠋ᠨ ᠲᠡᠦᠬᠡ ᠡᠴᠡ ᠰᠠᠯᠵᠤ ᠴᠢᠳᠠᠬᠤ ᠦᠭᠡᠢ ᠶᠤᠮ᠃ ᠠᠷᠪᠠᠨ ᠭᠤᠷᠪᠠᠳᠤᠭᠠᠷ ᠵᠠᠭᠤᠨ ᠳ᠋ᠤ᠌ ᠴᠢᠩᠭᠢᠰ ᠬᠠᠭᠠᠨ ᠣᠢ ᠶ᠋ᠢᠨ ᠢᠷᠭᠡᠳ ᠢ᠋ ᠨᠢᠭᠡᠳᠭᠡᠬᠦ ᠦᠶ᠎ᠡ ᠳ᠋ᠤ᠌ ᠣᠢᠷᠠᠳ ᠤ᠋ᠨ ᠲᠦᠷᠦᠭᠦᠦ ᠬᠤᠲᠤᠭ ᠪᠡᠬᠢ ᠪᠦᠬᠦ ᠣᠢᠷᠠᠳ ᠢ᠋ ᠳᠠᠭᠠᠭᠤᠯᠵᠤ ᠪᠠᠭᠤᠵᠤ ᠥᠭᠭᠦᠭᠰᠡᠨ︔1247 ᠣᠨ ᠳ᠋ᠤ᠌ ᠮᠣᠩᠭᠤᠯ ᠤ᠋ᠨ ᠭᠣᠣᠳᠠᠨ ᠬᠠᠨ ᠲᠥᠪᠡᠳ ᠦ᠋ᠨ ᠰᠡᠴᠡ ᠪᠠᠨᠳᠢᠳᠠ ᠬᠦᠩᠭᠠᠵᠠᠯᠽᠠᠨ ᠢ᠋ᠶ᠋ᠡᠷ ᠡᠪᠡᠳᠴᠢᠨ ᠢ᠋ᠶ᠋ᠡᠨ ᠵᠠᠰᠠᠭᠤᠯᠵᠤ ᠡᠳᠡᠭᠡᠷᠡᠭᠰᠡᠨ︔ ᠪᠠᠢᠪᠠᠭᠠᠰ ᠴᠠᠭᠠᠨ ᠨᠣᠮ ᠤ᠋ᠨ ᠬᠠᠭᠠᠨ ᠮᠠᠨᠽᠦ᠋ᠰᠢᠷᠢ ᠬᠤᠲᠤᠭᠲᠤ ᠠ᠋ᠴᠠ ᠰᠠᠪᠠ ᠰᠢᠮ᠎ᠡ ᠮᠥᠩᠬᠡ ᠪᠤᠰᠤ ᠤ᠋ᠨ ᠲᠤᠬᠠᠢ ᠨᠣᠮᠯᠠᠯ ᠢ᠋ ᠰᠣᠨᠤᠰᠴᠤ᠂ ᠲᠤᠬᠠᠢᠯᠠᠪᠠᠯ1616 ᠣᠨ ᠳ᠋ᠤ᠌ ᠪᠠᠢᠪᠠᠭᠠᠰ ᠲᠡᠷᠢᠭᠦᠲᠡᠢ ᠢᠵᠠᠭᠤᠷᠲᠠᠨ ᠤ᠋33 ᠬᠥᠪᠡᠭᠦᠳ᠂ ᠬᠠᠷᠠᠴᠤ ᠶ᠋ᠢᠨ200 ᠬᠥᠪᠡᠭᠦᠳ ᠯᠠᠮᠠ ᠪᠣᠯᠵᠤ ᠱᠠᠰᠢᠨ ᠤ᠋ ᠤᠬᠠᠭᠠᠨ᠂ ᠣᠳᠤᠨ ᠣᠷᠤᠨ ᠤ᠋ ᠤᠬᠠᠭᠠᠨ᠂ ᠠᠨᠠᠭᠠᠬᠤ ᠤᠬᠠᠭᠠᠨ ᠪᠠ ᠪᠤᠰᠤᠳ ᠡᠷᠳᠡᠮ ᠮᠡᠳᠡᠯᠭᠡ ᠵᠢ ᠰᠤᠷᠤᠯᠴᠠᠭᠤᠯᠤᠭᠰᠠᠨ︔ ᠢᠰᠢᠪᠠᠯᠵᠤᠷ ᠠᠯᠠᠱᠠ ᠬᠣᠱᠤᠳ ᠥᠭᠡᠯᠡᠳ ᠬᠣᠰᠢᠭᠤ ᠪᠤᠶᠤ ᠡᠵᠡᠨ᠎ᠡ ᠲᠣᠷᠭᠤᠳ ᠬᠣᠰᠢᠭᠤ ᠳ᠋ᠤ᠌ ᠤᠷᠢᠳ ᠬᠣᠵᠢᠳ16 ᠤᠳᠠᠭ᠎ᠠ ᠢᠷᠡᠵᠦ ᠡᠮ ᠡᠮᠨᠡᠯᠭᠡ᠂ ᠱᠠᠰᠢᠨ ᠨᠣᠮ ᠳᠡᠯᠭᠡᠷᠡᠭᠦᠯᠦᠨ᠂ ᠡᠪᠡᠳᠴᠢᠨ ᠡᠮᠭᠡᠭ ᠢ᠋ ᠵᠠᠰᠠᠵᠤ᠂ ᠠᠯᠠᠱᠠ ᠠᠭᠤᠯᠠ ᠶ᠋ᠢᠨ ᠠᠮᠢᠳᠤ ᠪᠣᠳᠠᠰ ᠲᠤ᠌ ᠬᠠᠢᠭᠤᠯ ᠰᠢᠨᠵᠢᠯᠡᠭᠡ ᠬᠢᠭᠰᠡᠨ︔ ᠳ᠋ᠤᠸᠠᠨ᠂ ᠭᠣᠮᠪᠤᠵᠠᠪ ᠲᠡᠷᠢᠭᠦᠲᠡᠢ ᠠᠯᠠᠱᠠ ᠣᠲᠠᠴᠢ ᠢᠰᠢᠪᠠᠯᠵᠤᠷ ᠤ᠋ᠨ ᠲᠤᠬᠠᠢ ᠰᠢᠨᠵᠢᠯᠡᠭᠡ ᠬᠢᠭᠰᠡᠨ︔ ᠠᠯᠠᠱᠠᠨ ᠠᠢᠮᠠᠭ ᠲᠤ᠌ ᠢᠰᠢᠪᠠᠯᠵᠤᠷ ᠤ᠋ᠨ ᠲᠤᠬᠠᠢ ᠰᠤᠷᠭᠠᠯ ᠬᠥᠮᠦᠵᠢᠯ ᠦ᠋ᠨ ᠠᠵᠢᠯᠯᠠᠭ᠎ᠠ ᠵᠢ ᠥᠷᠨᠢᠭᠦᠯᠦᠭᠰᠡᠨ︔ ᠲᠡᠢᠮᠦ ᠡᠴᠡ ᠠᠯᠠᠱᠠ᠂ ᠡᠵᠡᠨ᠎ᠡ ᠶ᠋ᠢᠨ ᠮᠣᠩᠭᠤᠯ ᠡᠮ ᠡᠮᠨᠡᠯᠭᠡ ᠶ᠋ᠢᠨ ᠥᠪᠡᠷᠮᠢᠴᠡ ᠣᠨᠴᠠᠯᠢᠭ ᠨᠢ ᠪᠤᠰᠤᠳ ᠮᠤᠵᠢ᠂ ᠣᠷᠤᠨ᠂ ᠠᠢᠮᠠᠭ ᠬᠣᠲᠠ᠂ ᠬᠣᠰᠢᠭᠤ ᠰᠢᠶᠠᠨ ᠤ᠋ ᠮᠣᠩᠭᠤᠯ ᠡᠮ ᠡᠮᠨᠡᠯᠭᠡ ᠲᠠᠢ ᠠᠳᠠᠯᠢ ᠦᠭᠡᠢ ᠪᠠᠢᠳᠠᠭ ᠶᠤᠮ᠃