RT-PCRᠠᠷᠭ᠎ᠠ ᠪᠠᠷ ᠵᠢᠵᠢᠭ ᠴᠠᠭᠠᠨ ᠬᠤᠯᠤᠭᠠᠨ᠎ᠠ ᠶ᠋ᠢᠨ ᠪᠦᠳᠦᠭᠦᠨ ᠭᠡᠳᠡᠰᠦᠨ ᠳ᠋ᠡᠬᠢ ᠰᠦᠨ ᠬᠦᠴᠢᠯ ᠦ᠋ᠨ ᠪᠠᠺᠲ᠋ᠧᠷᠢ ᠪᠠ ᠳᠡᠯᠢᠭᠦᠦ ᠶ᠋ᠢᠨ ᠡᠰ ᠦ᠋ᠨ ᠹᠠᠺᠲ᠋ᠣᠷ ᠤ᠋ᠨ ᠲᠣᠭ᠎ᠠ ᠬᠡᠮᠵᠢᠶ᠎ᠡ ᠵᠢ ᠬᠡᠮᠵᠢᠭᠰᠡᠨ ᠲᠤᠬᠠᠢ ᠰᠤᠳᠤᠯᠤᠯ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201601
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠰᠤᠷᠤᠨ᠎ᠠ᠂ ᠵᠠᠩ ᠴᠢ ᠵᠢᠨ
ᠵᠠᠩᠭᠢᠯᠠᠭ᠎ᠠ ᠦᠭᠡ᠄ ᠰᠦᠨ ᠬᠦᠴᠢᠯ ᠦ᠋ᠨ ᠪᠠᠺᠲ᠋ᠧᠷᠢ︔RT-PCR︔ ᠡᠰ ᠤ᠋ᠨ ᠹᠠᠺᠲ᠋ᠣᠷ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠲᠤᠷᠰᠢᠯᠲᠠ ᠳ᠋ᠤ᠌ ᠤᠯᠠᠮᠵᠢᠯᠠᠯᠲᠤ ᠴᠠᠭᠠᠨ ᠢᠳᠡᠭᠡᠨ᠂ ᠲᠣᠷᠤᠢ ᠶ᠋ᠢᠨ ᠢᠯᠭᠠᠳᠠᠰᠤ᠂ ᠲᠠᠬᠢᠶᠠᠨ ᠭᠡᠳᠡᠰᠦᠨ ᠵᠠᠮ ᠠ᠋ᠴᠠ ᠰᠠᠯᠭᠠᠭᠰᠠᠨ ᠵᠢᠷᠭᠤᠭᠠᠨ ᠲᠥᠷᠦᠯ ᠦ᠋ᠨ ᠰᠦᠨ ᠬᠦᠴᠢᠯ ᠦ᠋ᠨ ᠪᠠᠺᠲ᠋ᠧᠷᠢ ᠵᠢ ᠠᠩᠬ᠎ᠠ ᠠᠯᠬᠤᠮ ᠰᠢᠯᠭᠠᠨ ᠲᠣᠭᠲᠠᠭᠠᠬᠤ ᠲᠤᠷᠰᠢᠯᠲᠠ ᠪᠠᠷ ᠳᠠᠮᠵᠢᠨ ᠮᠡᠳᠡᠭᠰᠡᠨ ᠨᠢ᠂ ᠡᠳᠡᠭᠡᠷ ᠪᠠᠺᠲ᠋ᠧᠷᠢ ᠨᠢ ᠰᠦᠨ ᠤ᠋ ᠣᠬᠤᠷ ᠰᠠᠪᠬᠠᠨᠴᠢᠷ ᠪᠠᠺᠲ᠋ᠧᠷᠢ ᠶ᠋ᠢᠨ ᠲᠥᠷᠦᠯ᠂ ᠬᠦᠴᠢᠯᠯᠢᠭ ᠰᠦᠨ ᠪᠠᠺᠲ᠋ᠧᠷᠢ ᠶ᠋ᠢᠨ ᠲᠥᠷᠦᠯ ᠪᠠ ᠭᠡᠳᠡᠰᠦᠨ ᠤ᠋ ᠪᠥᠮᠪᠦᠭᠡᠨᠴᠢᠷ ᠪᠠᠺᠲ᠋ᠧᠷᠢ ᠶ᠋ᠢᠨ ᠲᠥᠷᠦᠯ ᠳ᠋ᠤ᠌ ᠲᠤᠰ ᠲᠤᠰ ᠬᠠᠷᠢᠶᠠᠯᠠᠭᠳᠠᠵᠤ᠂ ᠡᠭᠦᠨ ᠢ᠋ ᠲᠤᠰ ᠲᠤᠰLT,LS,LZ2,LZ1 ᠪᠠLJ2 ᠭᠡᠵᠦ ᠨᠡᠷᠡᠯᠡᠵᠡᠢ᠃ ᠵᠢᠷᠭᠤᠭᠠᠨ ᠲᠥᠷᠦᠯ ᠤ᠋ᠨ ᠰᠦᠨ ᠬᠦᠴᠢᠯ ᠦ᠋ᠨ ᠪᠠᠺᠲ᠋ᠧᠷᠢ ᠵᠢ ᠪᠠᠺᠲ᠋ᠧᠷᠢ ᠠᠭᠤᠯᠬᠤ ᠰᠢᠩᠭᠡᠨ ᠪᠣᠯᠭᠠᠵᠤ᠂ ᠵᠢᠵᠢᠭ ᠴᠠᠭᠠᠨ ᠬᠤᠯᠤᠭᠠᠨ᠎ᠠ ᠳ᠋ᠤ᠌ ᠢᠳᠡᠭᠦᠯᠦᠨ᠎ᠡ᠂ ᠡᠳᠦᠷ ᠪᠦᠷᠢ ᠨᠢᠭᠡ ᠤᠳᠠᠭ᠎ᠠ᠂ ᠦᠷᠭᠦᠯᠵᠢᠯᠡᠨ30 ᠡᠳᠦᠷ ᠢᠳᠡᠭᠦᠯᠬᠦ ᠮᠥᠷᠲᠡᠭᠡᠨ ᠲᠤᠰ ᠪᠦᠷᠢ15d᠂30d ᠪᠠ ᠢᠳᠡᠭᠦᠯᠬᠦ ᠪᠡᠨ ᠵᠣᠭᠰᠤᠭᠰᠠᠨ ᠤ᠋ ᠬᠣᠢᠨᠠᠬᠢ7d ᠲᠦ᠍ ᠳᠤᠭᠤᠢᠯᠠᠩ ᠪᠦᠷᠢ ᠡᠴᠡ10 ᠵᠢᠵᠢᠭ ᠴᠠᠭᠠᠨ ᠬᠤᠯᠤᠭᠠᠨ᠎ᠠ ᠶ᠋ᠢᠨ ᠪᠦᠳᠦᠭᠦᠨ ᠭᠡᠳᠡᠰᠦ ᠪᠠ ᠳᠡᠯᠢᠭᠦᠦ ᠵᠢ ᠠᠪᠴᠤ᠂ ᠳᠠᠷᠠᠭ᠎ᠠ ᠨᠢ ᠪᠦᠳᠦᠭᠦᠨ ᠭᠡᠳᠡᠰᠦᠨ ᠤ᠋DNA ᠪᠠ ᠳᠡᠯᠢᠭᠦᠦ ᠶ᠋ᠢᠨ ᠶᠡᠷᠦᠩᠬᠡᠢRNA ᠵᠢ ᠢᠯᠭᠠᠨ ᠠᠪᠴᠤRT-PCR ᠠᠷᠭ᠎ᠠ ᠪᠠᠷ ᠵᠢᠵᠢᠭ ᠴᠠᠭᠠᠨ ᠬᠤᠯᠤᠭᠠᠨ᠎ᠠ ᠶ᠋ᠢᠨ ᠪᠦᠳᠦᠭᠦᠨ ᠭᠡᠳᠡᠰᠦᠨ ᠤ᠋ ᠰᠦᠨ ᠬᠦᠴᠢᠯ ᠦ᠋ᠨ ᠪᠠᠺᠲ᠋ᠧᠷᠢ ᠶ᠋ᠢᠨ ᠲᠣᠭ᠎ᠠ ᠬᠡᠮᠵᠢᠶ᠎ᠡ ᠪᠠ ᠳᠡᠯᠢᠭᠦᠦ ᠶ᠋ᠢᠨ ᠡᠰ ᠦ᠋ᠨ ᠹᠠᠺᠲ᠋ᠣᠷIL-2,IL-4,IL-6,TNF-α ᠪᠠIFN-γ ᠶ᠋ᠢᠨ ᠢᠯᠡᠳᠭᠡᠬᠦ ᠬᠤᠪᠢᠷᠠᠯᠲᠠ ᠵᠢ ᠰᠤᠳᠤᠯᠵᠠᠢ᠃ ᠰᠤᠳᠤᠯᠭᠠᠨ ᠤ᠋ ᠦᠷ᠎ᠡ ᠳ᠋ᠦᠩ ᠡᠴᠡ ᠦᠵᠡᠪᠡᠯ᠂ ᠵᠢᠷᠭᠤᠭᠠᠨ ᠲᠥᠷᠦᠯ ᠦ᠋ᠨ ᠰᠦᠨ ᠬᠦᠴᠢᠯ ᠦ᠋ᠨ ᠪᠠᠺᠲ᠋ᠧᠷᠢ ᠨᠢ ᠪᠦᠷ ᠪᠦᠳᠦᠭᠦᠨ ᠭᠡᠳᠡᠰᠦᠨ ᠳ᠋ᠤ᠌ ᠬᠦᠷᠴᠦ ᠳᠡᠢᠯᠦᠨ᠎ᠡ᠃ ᠭᠡᠪᠡᠴᠦ ᠢᠷᠡᠯᠲᠡ ᠨᠢ ᠠᠳᠠᠯᠢ ᠪᠤᠰᠤ ᠰᠦᠨ ᠬᠦᠴᠢᠯ ᠦ᠋ᠨ ᠪᠠᠺᠲ᠋ᠧᠷᠢ ᠶ᠋ᠢᠨ ᠬᠦᠷᠴᠦ ᠳᠡᠢᠯᠬᠦ ᠲᠣᠭ᠎ᠠ ᠬᠡᠮᠵᠢᠶ᠎ᠡ ᠨᠢ ᠠᠳᠠᠯᠢ ᠪᠤᠰᠤ ᠪᠠᠢᠵᠤ᠂ ᠡᠭᠦᠨ ᠳ᠋ᠤ᠌LT᠂LZ1 ᠶ᠋ᠢᠨ ᠲᠣᠭ᠎ᠠ ᠬᠡᠮᠵᠢᠶ᠎ᠡ ᠨᠢ ᠮᠡᠳᠡᠭᠳᠡᠮ᠎ᠡ ᠳᠡᠭᠡᠭᠰᠢᠯᠡᠵᠡᠢ᠃ ᠵᠢᠷᠭᠤᠭᠠᠨ ᠲᠥᠷᠦᠯ ᠦ᠋ᠨ ᠰᠦᠨ ᠬᠦᠴᠢᠯ ᠦ᠋ᠨ ᠪᠠᠺᠲ᠋ᠧᠷᠢ ᠵᠢ ᠢᠳᠡᠭᠦᠯᠦᠭᠰᠡᠨ ᠤ᠋ ᠳᠠᠷᠠᠭ᠎ᠠ ᠴᠥᠮ ᠳᠡᠯᠢᠭᠦᠦ ᠳ᠋ᠡᠬᠢIL-2᠂IL-4᠂ TNF-α ᠪᠠIFN-γ ᠶ᠋ᠢᠨ ᠬᠡᠮᠵᠢᠶ᠎ᠡ ᠵᠢ ᠳᠡᠭᠡᠭᠰᠢᠯᠡᠭᠦᠯᠵᠡᠢ᠃ ᠡᠭᠦᠨ ᠳ᠋ᠤ᠌IJ2 ᠨᠢ ᠬᠠᠮᠤᠭ ᠤ᠋ᠨ ᠰᠠᠢᠨ᠂ ᠳᠠᠷᠠᠭ᠎ᠠ ᠨᠢLS ᠪᠠLZ2 ᠪᠣᠯᠤᠨ᠎ᠠ᠃