ᠥᠪᠦᠷ ᠮᠣᠩᠭᠤᠯ ᠭᠠᠷᠤᠯᠲᠠᠢ ᠪᠣᠩ᠋ ᠠ ᠶ᠋ᠢᠨ ᠡᠮᠲᠦ ᠮᠠᠲ᠋ᠧᠷᠢᠶᠠᠯ ᠤ᠋ᠨ ᠭᠣᠣᠯ ᠠᠰᠢᠭᠲᠤ ᠪᠦᠷᠢᠯᠳᠦᠬᠦᠨ ᠤ᠋ ᠠᠭᠤᠯᠤᠭᠳᠠᠴᠠ ᠶ᠋ᠢᠨ ᠵᠠᠳᠠᠯᠤᠯᠲᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201501
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/29
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠨᠠᠰᠤᠨᠰᠠᠩ᠂ ᠡᠦ ᠰᠡᠴᠡᠨᠪᠢᠯᠢᠭ᠂ ᠰᠢᠯᠢᠨᠲᠤᠩᠭ᠋ᠠᠯᠠᠭ
ᠵᠠᠩᠭᠢᠯᠠᠭ᠎ᠠ ᠦᠭᠡ᠄ ᠪᠣᠩ᠋ ᠠ︔ ᠮᠣᠩᠭᠤᠯ ᠡᠮ ᠪᠣᠳᠠᠰ ᠤ᠋ᠨ ᠰᠠᠭᠤᠷᠢ ᠵᠠᠳᠠᠯᠤᠯᠲᠠ︔ ᠬᠠᠷ᠎ᠠ ᠬᠣᠣᠷᠰᠤ︔ ᠨᠡᠢᠳᠡᠮ ᠦ᠋ᠨ ᠪᠠᠢᠴᠠᠭᠠᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠥᠪᠦᠷ ᠮᠣᠩᠭᠤᠯ ᠣᠷᠤᠨ ᠳ᠋ᠤ᠌ ᠲᠠᠷᠬᠠᠯᠲᠠ ᠲᠠᠢ ᠮᠣᠩᠭᠤᠯ ᠡᠮ ᠪᠣᠩ᠋ ᠠ ᠪᠣᠯᠤᠨ ᠵᠠᠬ᠎ᠠ ᠳᠡᠯᠭᠡᠭᠦᠷ ᠡᠴᠡ ᠬᠠᠩᠭᠠᠵᠤ ᠪᠠᠢᠭ᠎ᠠ ᠲᠠᠸᠠᠷ ᠪᠣᠩ᠋ ᠠ ᠶ᠋ᠢᠨ ᠡᠮᠲᠦ ᠮᠠᠲ᠋ᠧᠷᠢᠶᠠᠯ ᠶ᠋ᠢᠨ ᠬᠡᠮᠵᠢᠶᠡᠨ ᠤ᠋ ᠲᠠᠯ᠎ᠠ ᠪᠠᠷ ᠭᠣᠣᠯᠯᠠᠬᠤ ᠠᠮᠢᠳᠤ ᠪᠣᠳᠠᠰ ᠤ᠋ᠨ ᠱᠦᠯᠲᠦ ᠳ᠋ᠤ᠌ ᠨᠢᠭᠡᠨ ᠨᠡᠢᠳᠡᠮ ᠦ᠋ᠨ ᠴᠢᠨᠠᠷᠲᠠᠢ ᠪᠠᠢᠴᠠᠭᠠᠯᠲᠠ ᠬᠢᠬᠦ ᠪᠡᠷ ᠳᠠᠮᠵᠢᠵᠤ᠂ ᠮᠣᠩᠭᠤᠯ ᠡᠮ ᠪᠣᠩ᠋ ᠠ ᠶ᠋ᠢᠨ ᠪᠣᠳᠠᠰ ᠤ᠋ᠨ ᠰᠠᠭᠤᠷᠢ ᠨᠢ ᠦᠰᠦᠳ ᠥᠭᠡᠷ᠎ᠡ ᠭᠡᠳᠡᠭ ᠢ᠋ ᠠᠩᠬ᠎ᠠ ᠤᠳᠠᠭ᠎ᠠ ᠢᠯᠡᠷᠬᠡᠢᠯᠡᠭᠰᠡᠨ ᠪᠥᠭᠡᠳ ᠪᠣᠩ᠋ ᠠ ᠶ᠋ᠢᠨ ᠲᠥᠯᠦᠭᠡᠯᠡᠬᠦ ᠴᠢᠨᠠᠷᠲᠠᠢ ᠬᠠᠷ᠎ᠠ ᠬᠣᠣᠷᠰᠤ ᠶ᠋ᠢᠨ ᠰᠠᠢᠨ ᠡᠭᠦᠯᠳᠡᠷ ᠢ᠋ ᠵᠢᠭᠠᠨ ᠰᠣᠩᠭᠤᠭᠰᠠᠨ ᠶᠤᠮ᠃ ᠡᠭᠦᠨ ᠤ᠋ ᠤᠯᠠᠮ ᠠ᠋ᠴᠠ ᠦᠨᠡᠨ ᠬᠦ ᠮᠣᠩᠭᠤᠯ ᠡᠮᠨᠡᠯᠭᠡ ᠶ᠋ᠢᠨ ᠶᠠᠰᠤ ᠴᠢᠨᠠᠷ ᠢ᠋ ᠬᠠᠳᠠᠭᠠᠯᠠᠬᠤ ᠶ᠋ᠢᠨ ᠲᠤᠰᠠᠳᠠ ᠮᠣᠩᠭᠤᠯ ᠡᠮ ᠦ᠋ᠨ ᠪᠣᠩ᠋ ᠠ ᠵᠢ ᠲᠠᠸᠠᠷ ᠪᠣᠩ᠋ ᠠ ᠠ᠋ᠴᠠ ᠢᠯᠭᠠᠨ ᠪᠠᠷᠢᠮᠵᠢᠶᠠᠯᠠᠬᠤ ᠴᠢᠬᠤᠯᠠᠲᠠᠢ ᠪᠥᠭᠡᠳ ᠲᠠᠷᠢᠮᠠᠯᠵᠢᠭᠤᠯᠬᠤ ᠵᠢ ᠰᠠᠨᠠᠭᠠᠴᠢᠯᠠᠭᠰᠠᠨ ᠪᠠᠢᠨ᠎ᠠ᠃