ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

20ᠳ᠋ᠤᠭᠠᠷ ᠵᠠᠭᠤᠨ ᠤ᠋ ᠡᠬᠢᠨ ᠦᠶ᠎ᠡ ᠶ᠋ᠢᠨ ᠮᠣᠩᠭᠤᠯᠴᠤᠳ ᠤ᠋ᠨ ᠰᠡᠷᠭᠦᠨ ᠮᠠᠨᠳᠤᠯ᠎ ᠳ᠋ᠤ᠌ ᠶᠡᠬᠡ ᠡᠷᠳᠡᠮᠲᠡᠨ ᠳ᠋ᠠᠩᠳᠠ ᠶ᠋ᠢᠨ ᠣᠷᠤᠭᠤᠯᠤᠭᠰᠠᠨ ᠬᠤᠪᠢ ᠨᠡᠮᠡᠷᠢ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201703
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/31
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ﹇ ᠮᠣᠩᠭᠤᠯ﹈ ᠠ᠊ ᠡᠩᠬᠡᠪᠠᠲᠤ
ᠵᠠᠩᠭᠢᠯᠠᠭ᠎ᠠ ᠦᠭᠡ᠄ ᠳ᠋ᠠᠩᠳᠠ︔ ᠦᠵᠡᠯ ᠰᠠᠨᠠᠭ᠎ᠠ︔ ᠬᠤᠪᠢ ᠨᠡᠮᠡᠷᠢ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ 1911ᠣᠨ ᠤ᠋ ᠦᠨᠳᠦᠰᠦᠨ ᠤ᠋ ᠡᠷᠬᠡ ᠴᠢᠯᠦᠭᠡᠨ ᠤ᠋ ᠬᠤᠪᠢᠰᠭᠠᠯ ᠮᠣᠩᠭᠤᠯᠴᠤᠳ ᠲᠤ᠌ ᠣᠶᠤᠨ ᠰᠠᠨᠠᠭ᠎ᠠ᠂ ᠰᠡᠳᠭᠢᠯᠭᠡ ᠶ᠋ᠢᠨ ᠬᠤᠪᠢ ᠳ᠋ᠤ᠌ ᠳᠠᠬᠢᠨ ᠰᠡᠷᠭᠦᠨ ᠮᠠᠨᠳᠤᠬᠤ ᠲᠡᠦᠬᠡᠨ ᠪᠣᠯᠤᠮᠵᠢ ᠵᠢ ᠣᠯᠭᠤᠭᠰᠠᠨ᠂ ᠡᠨᠡ ᠦᠢᠯᠡ ᠬᠡᠷᠡᠭ ᠲᠦ᠍ ᠨᠡᠷᠡᠲᠦ ᠡᠷᠳᠡᠮᠲᠡᠨ᠂ ᠣᠷᠴᠢᠭᠤᠯᠤᠭᠴᠢ᠂ ᠲᠡᠦᠬᠡᠴᠢ᠂ ᠰᠣᠶᠤᠯ ᠭᠡᠭᠡᠷᠡᠭᠦᠯᠦᠭᠴᠢ ᠳ᠋ᠠᠩᠳᠠ ᠬᠡᠮᠡᠭᠴᠢ ᠴ᠊ ᠳᠡᠮᠴᠦᠭ᠌ᠳᠣᠷᠵᠢ ᠲᠣᠳᠣᠷᠠᠬᠠᠢ ᠬᠤᠪᠢ ᠨᠡᠮᠡᠷᠢ ᠣᠷᠤᠭᠤᠯᠵᠠᠢ᠃ ᠲᠡᠷᠡ ᠪᠡᠷ1864 ᠣᠨ ᠳ᠋ᠤ᠌ ᠥᠪᠦᠷ ᠮᠣᠩᠭᠤᠯ ᠤ᠋ᠨ ᠵᠤᠰᠤᠲᠤ ᠶ᠋ᠢᠨ ᠴᠢᠭᠤᠯᠭᠠᠨ ᠤ᠋ ᠬᠠᠷᠠᠴᠢᠨ ᠳᠤᠮᠳᠠ ᠬᠣᠰᠢᠭᠤᠨ ᠤ᠋ ᠮᠡᠨᠳᠦᠯᠡᠭᠰᠡᠨ ᠪᠥᠭᠡᠳ1914 ᠣᠨ ᠳ᠋ᠤ᠌ ᠨᠡᠢᠰᠯᠡᠯ ᠬᠦᠷᠢᠶᠡᠨ ᠳ᠋ᠤ᠌ ᠢᠷᠡᠭᠰᠡᠨ᠃ ᠪᠣᠭᠳᠠ ᠶ᠋ᠢᠨ ᠵᠠᠰᠠᠭ ᠤ᠋ᠨ ᠭᠠᠵᠠᠷ ᠲᠡᠭᠦᠨ ᠳ᠋ᠤ᠌ ᠨᠤᠲᠤᠭ ᠣᠯᠭᠤᠨ᠂ ᠲᠡᠳᠭᠦᠪᠦᠷᠢ ᠲᠡᠳᠭᠦᠮᠵᠢ ᠲᠣᠭᠲᠠᠭᠠᠨ ᠥᠭᠭᠦᠭᠰᠡᠨ ᠪᠠᠢᠳᠠᠭ᠃ ᠳ᠋ᠠᠩᠳᠠ1914-1921ᠣᠨ ᠬᠦᠷᠲᠡᠯ᠎ᠡ ᠨᠣᠮ ᠵᠣᠬᠢᠶᠠᠵᠤ ᠣᠷᠴᠢᠭᠤᠯᠵᠤ᠂ ᠱᠠᠪᠢ ᠨᠠᠷ ᠢ᠋ᠶ᠋ᠠᠨ ᠭᠡᠷ ᠢ᠋ᠶ᠋ᠡᠷ ᠰᠤᠷᠭᠠᠨ᠂ ᠲᠤᠬᠠᠢ ᠶ᠋ᠢᠨ ᠦᠶ᠎ᠡ ᠶ᠋ᠢᠨ ᠤᠯᠤᠰ ᠤ᠋ᠨ ᠳᠡᠭᠡᠳᠦ᠂ ᠳᠣᠣᠷᠠᠳᠤ ᠬᠤᠷᠠᠯ ᠬᠢᠭᠡᠳ ᠪᠣᠭᠳᠠ ᠬᠠᠭᠠᠨ᠂ ᠳᠣᠲᠤᠭᠠᠳᠤ ᠶᠠᠮᠤᠨ ᠳ᠋ᠤ᠌ ᠪᠢᠴᠢᠭ ᠡᠷᠭᠦᠵᠦ ᠥᠪᠡᠷ ᠦ᠋ᠨ ᠰᠠᠨᠠᠭ᠎ᠠ ᠪᠣᠳᠤᠯᠭ᠎ᠠ ᠪᠠᠨ ᠢᠯᠡᠷᠬᠡᠢᠯᠡᠵᠦ᠂ ᠲᠣᠭᠲᠠᠮᠠᠯ ᠬᠡᠪᠯᠡᠯ ᠦ᠋ᠳ ᠲᠦ᠍ ᠨᠡᠢᠲᠡᠯᠡᠨ ᠪᠢᠴᠢᠳᠡᠭ ᠪᠠᠢᠪᠠ᠃1921 ᠣᠨ ᠠ᠋ᠴᠠ ᠰᠤᠳᠤᠷ ᠪᠢᠴᠢᠭ ᠦ᠋ᠨ ᠬᠦᠷᠢᠶᠡᠯᠡᠩ ᠦ᠋ᠨ ᠵᠢᠩᠬᠢᠨᠢ ᠭᠡᠰᠢᠭᠦᠨ ᠪᠣᠯᠵᠤ᠂ ᠣᠷᠴᠢᠭᠤᠯᠤᠭᠴᠢ ᠪᠠᠷ ᠠᠵᠢᠯᠯᠠᠬᠤ ᠪᠣᠯᠤᠭᠰᠠᠨ᠃ ᠲᠡᠭᠦᠨ ᠤ᠋ ᠦᠵᠡᠯ ᠪᠣᠳᠤᠯ ᠨᠢ1910-1913 ᠣᠨ ᠳ᠋ᠤ᠌ ᠪᠢᠴᠢᠭᠰᠡᠨ︽ ᠡᠷᠳᠡᠨᠢᠲᠦ ᠲᠣᠯᠢ︾ ᠬᠡᠮᠡᠬᠦ ᠱᠠᠰᠲᠢᠷ᠂1915ᠣᠨ ᠳ᠋ᠤ᠌ ᠪᠢᠴᠢᠭᠰᠡᠨ︽ ᠰᠢᠨ᠎ᠡ ᠵᠠᠰᠠᠭ ᠤ᠋ᠨ ᠵᠦᠢᠯ︾ ᠬᠡᠮᠡᠬᠦ ᠪᠢᠴᠢᠭ᠂1922 ᠣᠨ ᠳ᠋ᠤ᠌ ᠪᠢᠴᠢᠭᠰᠡᠨ︽ ᠰᠢᠨ᠎ᠡ ᠵᠠᠰᠠᠭᠲᠤ ᠤ᠋ᠨ ᠭᠣᠣᠯ ᠶᠣᠰᠤᠨ︾ ᠭᠡᠬᠦ ᠪᠦᠲᠦᠭᠡᠯ ᠦ᠋ᠳ ᠨᠢ ᠲᠤᠰᠭᠠᠯ ᠢ᠋ᠶ᠋ᠠᠨ ᠣᠯᠤᠭᠰᠠᠨ ᠪᠠᠢᠳᠠᠭ᠃ ᠲᠡᠭᠦᠨ ᠤ᠋ ᠦᠵᠡᠯ ᠰᠠᠨᠠᠭ᠎ᠠ᠂ ᠦᠢᠯᠡ ᠬᠡᠷᠡᠭ ᠢ᠋ ᠮᠣᠩᠭᠤᠯ ᠤᠯᠤᠰ᠂ ᠣᠷᠤᠰ ᠤ᠋ᠨ ᠬᠣᠯᠪᠤᠭᠠᠲᠤ ᠤᠯᠤᠰ᠂ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠠᠷᠪᠠ ᠭᠠᠷᠤᠢ ᠡᠷᠳᠡᠮᠲᠡᠨ ᠰᠤᠳᠤᠯᠭᠠᠴᠢᠳ ᠰᠤᠳᠤᠯᠵᠤ ᠡᠷᠳᠡᠮ ᠰᠢᠨᠵᠢᠯᠡᠭᠡᠨ ᠤ᠋ ᠥᠭᠦᠯᠡᠯ᠂ ᠪᠡᠶ᠎ᠡ ᠳᠠᠭᠠᠭᠠᠭᠰᠠᠨ ᠲᠣᠪᠬᠢᠮᠠᠯ᠂ ᠡᠮᠬᠢᠳᠭᠡᠯ ᠦ᠋ᠳ ᠭᠠᠷᠭᠠᠭᠰᠠᠨ᠃ ᠮᠥᠨ ᠶᠡᠬᠡ ᠳᠡᠭᠡᠳᠦ ᠰᠤᠷᠭᠠᠭᠤᠯᠢ ᠤ᠋ᠳ ᠲᠤ᠌ ᠪᠠᠺᠠᠯᠠᠪᠤᠷᠢ᠂ ᠮᠠᠭᠢᠰᠲ᠋ᠸᠷ ᠤ᠋ᠨ ᠲᠡᠭᠦᠰᠦᠯᠲᠡ ᠶ᠋ᠢᠨ ᠠᠵᠢᠯ ᠤ᠋ᠳ ᠲᠤ᠌ ᠴᠤ᠌ ᠪᠢᠴᠢᠭᠳᠡᠭᠰᠡᠨ ᠪᠠᠢᠳᠠᠭ᠃ ᠳ᠋ᠠᠩᠳᠠ ᠨᠢ ᠮᠣᠩᠭᠤᠯ ᠤᠯᠤᠰ ᠤ᠋ᠨ ᠬᠥᠭᠵᠢᠯ ᠳ᠋ᠤ᠌ ᠬᠡᠷᠡᠭ ᠲᠠᠢ ᠣᠯᠠᠨ ᠰᠡᠳᠦᠪ ᠢ᠋ ᠬᠦᠨᠳᠡᠯᠡᠵᠦ᠂ ᠠᠯᠢᠪᠠ ᠠᠰᠠᠭᠤᠳᠠᠯ ᠢ᠋ ᠬᠡᠷᠬᠢᠨ ᠰᠢᠢᠳᠪᠦᠷᠢᠯᠡᠬᠦᠠᠷᠭ᠎ᠠ ᠵᠠᠮ᠂ ᠦᠷ᠎ᠡ ᠳ᠋ᠦᠩ ᠨᠢ ᠣᠢᠯᠠᠭᠠᠮᠠᠵᠢᠲᠠᠢ ᠡᠩ ᠦ᠋ᠨ ᠬᠢᠨ ᠢ᠋ᠶ᠋ᠡᠷ ᠲᠠᠢᠯᠪᠤᠷᠢᠯᠠᠨ ᠪᠢᠴᠢᠭᠰᠡᠨ ᠪᠠᠢᠳᠠᠭ᠃ ᠢᠩᠭᠢᠬᠦ ᠳ᠋ᠡᠭᠡᠨ ᠲᠡᠷᠡ ᠪᠡᠷ ᠪᠤᠳ᠋ᠳ᠋ᠾᠠ ᠶ᠋ᠢᠨ ᠭᠦᠨ ᠤᠬᠠᠭᠠᠨ᠂ ᠮᠣᠩᠭᠤᠯᠴᠤᠳ ᠤ᠋ᠨ ᠤᠯᠠᠮᠵᠢᠯᠠᠯᠲᠤ ᠶᠣᠰᠤ ᠵᠠᠩᠰᠢᠯ᠂ ᠡᠷᠬᠡ ᠲᠡᠭᠰᠢ ᠪᠠᠢᠬᠤ ᠠᠷᠠᠳᠴᠢᠯᠠᠭᠰᠠᠨ ᠦᠵᠡᠯ ᠢ᠋ ᠭᠣᠣᠯ ᠰᠠᠭᠤᠷᠢ ᠪᠣᠯᠭᠠᠨ᠎ᠠ ᠥᠪᠡᠷ ᠦ᠋ᠨ ᠰᠢᠨᠡᠴᠢᠯᠡᠭᠴᠢ ᠪᠠᠢᠷᠢ ᠰᠠᠭᠤᠷᠢ ᠵᠢ ᠰᠢᠭᠦᠮᠵᠢᠯᠡᠯ ᠦ᠋ᠨ ᠥᠩᠭᠡ ᠠᠶᠠᠰᠲᠠᠢ ᠬᠣᠣᠰᠯᠠᠭᠤᠯᠤᠨ᠎ ᠢᠯᠡᠷᠬᠡᠢᠯᠡᠵᠦ ᠪᠠᠢᠭᠰᠠᠨ ᠶᠤᠮ᠃