︽ᠲᠠᠪᠤᠨ ᠵᠦᠢᠯ ᠦ᠋ᠨ ᠦᠰᠦᠭ ᠢ᠋ᠶ᠋ᠡᠷ ᠬᠠᠪᠰᠤᠷᠤᠭᠰᠠᠨ ᠮᠠᠨᠵᠤ ᠦᠭᠡᠨ ᠤ᠋ ᠲᠣᠯᠢ ᠪᠢᠴᠢᠭ︾ ᠲᠡᠬᠢ ᠰᠣᠯᠤᠩᠭ᠎ᠠ ᠶ᠋ᠢᠨ ᠢᠵᠠᠭᠤᠷ ᠤ᠋ᠨ ᠠᠮᠢᠲᠠᠨ ᠤ᠋ ᠨᠡᠷᠡᠰ ᠦ᠋ᠨ ᠰᠢᠯᠭᠠᠨ ᠨᠤᠲᠠᠯᠠᠯᠲᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201702
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/31
ᠦᠵᠡᠭᠰᠡᠨ ᠤᠳᠠᠭ᠎ᠠ: 3ᠤᠳᠠᠭ᠎ᠠ
ᠵᠣᠬᠢᠶᠠᠭᠴᠢ᠄ ᠪᠦᠷᠭᠦᠳ᠂ ᠵᠣᠣ ᠭᠡᠷᠡᠯᠲᠦ
ᠵᠠᠩᠭᠢᠯᠠᠭ᠎ᠠ ᠦᠭᠡ᠄ ᠲᠠᠪᠤᠨ ᠵᠦᠢᠯ ᠦ᠋ᠨ ᠦᠰᠦᠭ ᠢ᠋ᠶ᠋ᠡᠷ ᠬᠠᠪᠰᠤᠷᠤᠭᠰᠠᠨ ᠮᠠᠨᠵᠤ ᠦᠭᠡᠨ ᠤ᠋ ᠲᠣᠯᠢ ᠪᠢᠴᠢᠭ︔ ᠰᠣᠯᠤᠩᠭ᠎ᠠ ᠶ᠋ᠢᠨ ᠢᠵᠠᠭᠤᠷ︔ ᠠᠮᠢᠲᠠᠨ᠂ ᠰᠢᠯᠭᠠᠨ ᠨᠤᠲᠠᠯᠠᠯᠲᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ︽ᠲᠠᠪᠤᠨ ᠵᠦᠢᠯ ᠦ᠋ᠨ ᠦᠰᠦᠭ ᠢ᠋ᠶ᠋ᠡᠷ ᠬᠠᠪᠰᠤᠷᠤᠭᠰᠠᠨ ᠮᠠᠨᠵᠤ ᠦᠭᠡᠨ ᠤ᠋ ᠲᠣᠯᠢ ᠪᠢᠴᠢᠭ︾ ᠪᠣᠯ ᠴᠢᠩ ᠤᠯᠤᠰ ᠤ᠋ᠨ ᠲᠡᠭᠷᠢ ᠲᠡᠳᠭᠦᠭᠴᠢ ᠶ᠋ᠢᠨ ᠵᠢᠷᠠᠳᠤᠭᠠᠷ ᠣᠨ︵1795 ᠣᠨ︶ ᠳ᠋ᠤ᠌ ᠪᠢᠴᠢᠵᠦ ᠳᠠᠭᠤᠰᠭᠠᠭᠰᠠᠨ ᠲᠠᠪᠤᠨ ᠵᠦᠢᠯ ᠦ᠋ᠨ ᠦᠰᠦᠭ ᠢ᠋ᠶ᠋ᠡᠷ ᠬᠠᠪᠰᠤᠷᠴᠤ ᠲᠥᠷᠦᠯ ᠠᠩᠭᠢᠯᠠᠭᠰᠠᠨ ᠲᠣᠯᠢ ᠪᠢᠴᠢᠭ ᠪᠣᠯᠤᠨ᠎ᠠ᠃ ᠲᠤᠰ ᠥᠭᠦᠯᠡᠯ ᠳ᠋ᠤ᠌ ᠲᠣᠯᠢ ᠪᠢᠴᠢᠭ ᠲᠡᠬᠢ ᠭᠥᠷᠦᠭᠡᠰᠦᠨ ᠤ᠋ ᠬᠤᠷᠢᠶᠠᠩᠭᠤᠢ ᠶ᠋ᠢᠨ ᠭᠥᠷᠦᠭᠡᠰᠦᠨ ᠤ᠋ ᠵᠦᠢᠯ ᠦ᠋ᠨ ᠲᠠᠪᠤ ᠪᠣᠯᠤᠨ ᠵᠢᠷᠭᠤᠳᠤᠭᠠᠷ ᠠᠩᠭᠢ ᠳ᠋ᠤ᠌ ᠲᠡᠮᠳᠡᠭᠯᠡᠭᠳᠡᠭᠰᠡᠨ ᠰᠣᠯᠤᠩᠭ᠎ᠠ ᠶ᠋ᠢᠨ ᠢᠵᠠᠭᠤᠷ︵Mustelidae︶ ᠤ᠋ᠨ ᠬᠠᠯᠢᠭᠤ᠂ ᠤᠰᠤᠨ ᠤ᠋ ᠨᠣᠬᠠᠢ᠂ ᠪᠤᠢᠷ᠂ ᠡᠪᠢ᠂ ᠪᠣᠷ᠂ ᠲᠣᠷᠤᠭᠤ᠂ ᠮᠠᠩᠭᠢᠰᠤ᠂ ᠪᠤᠷᠬᠢ᠂ ᠭᠠᠨᠢᠰᠤ᠂ ᠦᠬᠡᠷ ᠬᠠᠯᠢᠭᠤ᠂ ᠪᠤᠯᠠᠭ᠎ᠠ᠂ ᠡᠷᠬᠢᠰ᠂ ᠡᠪᠰᠢᠭᠢᠰ᠂ ᠰᠤᠤᠰᠠᠷᠢ᠂ ᠦᠨ᠎ᠡ᠂ ᠬᠦᠷᠡᠨ᠎ᠡ᠂ ᠰᠣᠯᠤᠩᠭ᠎ᠠ᠂ ᠲᠤᠷᠤᠭ ᠰᠣᠯᠤᠩᠭ᠎ᠠ ᠵᠡᠷᠭᠡ18 ᠵᠤᠷᠪᠤᠰ ᠠᠮᠢᠲᠠᠨ ᠤ᠋ ᠨᠡᠷᠡᠰ ᠲᠦ᠍ ᠰᠢᠯᠭᠠᠨ ᠨᠤᠲᠠᠯᠠᠯᠲᠠ ᠬᠢᠵᠦ᠂ ᠲᠤᠬᠠᠢ ᠶ᠋ᠢᠨ ᠦᠶ᠎ᠡ ᠳ᠋ᠤ᠌ ᠬᠡᠷᠡᠭᠯᠡᠭᠳᠡᠵᠦ ᠪᠠᠢᠭᠰᠠᠨ ᠨᠡᠷ᠎ᠡ ᠲᠣᠮᠢᠶ᠎ᠠ ᠵᠢ ᠣᠳᠣᠬᠢ ᠲᠠᠢ ᠬᠠᠷᠢᠴᠠᠭᠤᠯᠤᠨ ᠯᠠᠪᠯᠠᠯᠲᠠ ᠪᠣᠯᠭᠠᠨ ᠬᠡᠷᠡᠭᠯᠡᠬᠦ ᠵᠢ ᠵᠣᠷᠢᠭᠰᠠᠨ ᠪᠠᠢᠨ᠎ᠠ᠃