ᠹᠣᠰᠹᠣᠷ ᠬᠦᠴᠢᠯ ᠦ᠋ᠨ ᠬᠥᠩᠭᠡᠨ ᠴᠠᠭᠠᠨ ᠤ᠋ ᠳᠠᠷᠤᠴᠠ ᠡᠳᠦᠯᠳᠦ ᠴᠠᠬᠢᠯᠭᠠᠨ ᠦᠢᠯᠡᠴᠢᠯᠡᠭᠡ ᠶ᠋ᠢᠨ ᠣᠨᠤᠯ ᠤ᠋ᠨ ᠰᠤᠳᠤᠯᠤᠯ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201701
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/31
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ﹇ ᠮᠣᠩᠭᠤᠯ﹈ ᠨ ᠲᠥᠪᠵᠢᠷᠭᠠᠯ᠂ ᠵ ᠳᠠᠸᠠᠰᠠᠮᠪᠤ᠂﹇ ᠭᠧᠷᠮᠠᠨ﹈ ᠦ᠊ ᠫᠠᠢᠴᠢ
ᠵᠠᠩᠭᠢᠯᠠᠭ᠎ᠠ ᠦᠭᠡ᠄ ᠳᠠᠷᠤᠴᠠ ᠡᠳᠦᠯᠳᠦ ᠴᠠᠬᠢᠯᠭᠠᠨ ᠦᠢᠯᠡᠴᠢᠯᠡᠭᠡ︔ ᠬᠠᠷᠢᠮᠠᠬᠠᠢ ᠴᠢᠨᠠᠷ︔ ᠹᠣᠰᠹᠣᠷ ᠬᠦᠴᠢᠯ ᠦ᠋ᠨ ᠬᠥᠩᠭᠡᠨ ᠴᠠᠭᠠᠨ︔ab-initio ᠪᠣᠳᠤᠯᠭ᠎ᠠ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠤ᠌CRySTAL14 ᠺᠣᠳ᠋ ᠨᠢᠭᠲᠠᠴᠠ ᠹᠦᠩᠺᠼ ᠣᠨᠤᠯ ᠤ᠋ᠨ ᠪᠣᠳᠤᠯᠭ᠎ᠠ ᠪᠠᠷ〖AIPO〗_4 ᠳ᠋ᠡᠬᠢ ᠳᠠᠷᠤᠴᠠ ᠡᠳᠦᠯᠳᠦ ᠴᠠᠬᠢᠯᠭᠠᠨ ᠦᠢᠯᠡᠴᠢᠯᠡᠭᠡ ᠶ᠋ᠢᠨ ᠪᠣᠢ ᠪᠣᠯᠬᠤ ᠠᠲ᠋ᠣᠮ ᠤ᠋ᠨ ᠡᠭᠦᠰᠦᠯᠲᠡ ᠵᠢ ᠰᠤᠳᠤᠯᠵᠠᠢ᠃ ᠹᠣᠰᠹᠣᠷ ᠬᠦᠴᠢᠯ ᠦ᠋ᠨ ᠬᠥᠩᠭᠡᠨ ᠴᠠᠭᠠᠨ ᠤ᠋ ᠬᠠᠷᠢᠮᠠᠬᠠᠢ ᠴᠢᠨᠠᠷ ᠪᠠ ᠳᠠᠷᠤᠴᠠ ᠡᠳᠦᠯᠳᠦ ᠴᠠᠬᠢᠯᠭᠠᠨ ᠰᠢᠨᠵᠢ ᠨᠢ ᠲᠡᠭᠦᠨ ᠤ᠋〖AIO〗_4 ᠪᠠ〖PO〗_4 ᠶ᠋ᠢᠨ ᠳᠥᠷᠪᠡᠯᠵᠢᠨ ᠨᠢᠭᠡᠴᠢ ᠲᠠᠢ ᠬᠣᠯᠪᠤᠭᠳᠠᠯ ᠲᠠᠢ᠃ ᠣᠨᠴᠠᠭᠠᠢᠯᠠᠨAI-O-P ᠶ᠋ᠢᠨ ᠭᠦᠦᠷ ᠵᠠᠯᠭᠠᠯᠲᠠ ᠥᠨᠴᠦᠭ ᠪᠠAI-O ᠪᠣᠯᠤᠨP-O ᠬᠣᠯᠪᠤᠭᠠᠰᠤ ᠶ᠋ᠢᠨ ᠬᠦᠴᠦᠯᠡᠴᠡ ᠲᠠᠢ ᠬᠣᠯᠪᠤᠭᠳᠠᠯ ᠲᠠᠢ᠃ ᠪᠣᠳᠤᠯᠭ᠎ᠠ ᠶ᠋ᠢᠨ ᠦᠷ᠎ᠡ ᠳ᠋ᠦᠩ ᠢᠯᠡᠷᠡᠭᠦᠯᠦᠭᠰᠡᠨ ᠨᠢ᠂AI-O ᠬᠣᠯᠪᠤᠭᠠᠰᠤ ᠪᠣᠯ ᠢᠶᠣᠨ ᠬᠣᠯᠪᠤᠭᠠᠰᠤ ᠮᠥᠨ᠂ ᠭᠡᠪᠡᠴᠦ ᠳᠡᠳ᠋ ᠣᠢᠷ᠎ᠠ ᠬᠣᠯᠪᠤᠭᠠᠰᠤ ᠨᠢ ᠬᠤᠪᠢᠷᠠᠯᠲᠠ ᠲᠠᠢ᠃ ᠭᠠᠳᠠᠭᠠᠳᠤ ᠴᠠᠬᠢᠯᠭᠠᠨ ᠣᠷᠤᠨ ᠤ᠋ ᠦᠢᠯᠡᠴᠢᠯᠡᠯ ᠳᠣᠣᠷ᠎ᠠ᠂P-O ᠬᠣᠯᠪᠤᠭᠠᠰᠤ ᠶ᠋ᠢᠨ ᠤᠷᠲᠤ ᠪᠠ ᠳᠥᠷᠪᠡᠨ ᠲᠠᠯᠠᠰᠲᠤ ᠪᠡᠶ᠎ᠡO-AI-O ᠶ᠋ᠢᠨ ᠥᠨᠴᠦᠭ ᠦ᠋ᠨ ᠬᠤᠪᠢᠷᠠᠯᠲᠠ ᠨᠢAI-O ᠬᠣᠯᠪᠤᠭᠠᠰᠤ ᠶ᠋ᠢᠨ ᠤᠷᠲᠤ ᠪᠠ ᠣᠢᠷ᠎ᠠ ᠵᠡᠷᠭᠡᠯᠡᠳᠡᠭᠡ ᠳᠥᠷᠪᠡᠨ ᠲᠠᠯᠠᠰᠲᠤ ᠪᠡᠶ᠎ᠡA1-O-P ᠶ᠋ᠢᠨ ᠥᠨᠴᠦᠭ ᠡᠴᠡ ᠪᠠᠷᠤᠭ ᠨᠢᠭᠡ ᠲᠣᠭᠠᠨ ᠳᠡᠰ ᠪᠠᠭ᠎ᠠ ᠪᠠᠢᠳᠠᠭ᠃ ᠪᠣᠢ ᠪᠦᠬᠦᠢ ᠬᠣᠯᠪᠤᠭᠠᠰᠤ ᠶ᠋ᠢᠨ ᠣᠲᠤ ᠶ᠋ᠢᠨ ᠬᠤᠪᠢᠷᠠᠯᠲᠠ ᠨᠢ ᠪᠠᠭ᠎ᠠ ᠤᠴᠢᠷ ᠳᠠᠷᠤᠴᠠ ᠡᠳᠦᠯᠳᠦ ᠴᠠᠬᠢᠯᠭᠠᠨ ᠦᠢᠯᠡᠴᠢᠯᠡᠭᠡ ᠶ᠋ᠢᠨ ᠠᠲ᠋ᠣᠮ ᠡᠭᠦᠰᠦᠯᠲᠡ ᠵᠢ〖PO〗_4 ᠪᠠ〖A1O〗_4 ᠳᠥᠷᠪᠡᠨ ᠲᠠᠯᠠᠲᠤ ᠪᠡᠶ᠎ᠡ ᠶ᠋ᠢᠨ ᠬᠠᠷᠢᠴᠠᠩᠭᠤᠢ ᠪᠢᠴᠢᠯ ᠬᠤᠪᠢᠷᠠᠯᠲᠠ ᠠ᠋ᠴᠠ ᠪᠣᠯᠵᠠᠢ ᠭᠡᠵᠦ ᠦᠵᠡᠵᠦ ᠪᠣᠯᠤᠨ᠎ᠠ᠃