ᠳᠠᠯᠠᠢ ᠶ᠋ᠢᠨ ᠬᠥᠪᠦᠩ ᠡᠴᠡ ᠬᠣᠶᠠᠷᠴᠢ ᠢᠨᠳᠦ᠋ ᠶ᠋ᠢᠨ ᠬᠡᠯᠪᠡᠷᠢᠲᠦ ᠠᠮᠢᠳᠤ ᠪᠣᠳᠠᠰ ᠤ᠋ᠨ ᠱᠦᠯᠲᠦ ᠵᠢ ᠰᠠᠯᠭᠠᠵᠤ ᠢᠳᠡᠪᠬᠢ ᠴᠢᠨᠠᠷ ᠢ᠋ ᠬᠡᠮᠵᠢᠭᠰᠡᠨ ᠲᠤᠷᠰᠢᠯᠲᠠ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201400
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/30
ᠦᠵᠡᠭᠰᠡᠨ ᠤᠳᠠᠭ᠎ᠠ: 1ᠤᠳᠠᠭ᠎ᠠ
ᠵᠣᠬᠢᠶᠠᠭᠴᠢ᠄ ᠪᠣᠣ ᠪᠣᠣ ᠴᠢᠦᠸᠠᠨ᠂JeeH·Jung᠂ ᠵᠠᠩ ᠫᠢᠩ᠂ ᠵᠢᠷᠤᠮᠪᠠᠲᠤ
ᠵᠠᠩᠭᠢᠯᠠᠭ᠎ᠠ ᠦᠭᠡ᠄ ᠳᠠᠯᠠᠢ ᠶ᠋ᠢᠨ ᠬᠥᠪᠦᠩ︔ ᠠᠮᠢᠳᠤ ᠪᠣᠳᠠᠰ ᠤ᠋ᠨ ᠱᠦᠯᠲᠦ︔ ᠬᠣᠶᠠᠷᠴᠢ ᠢᠨᠳᠦ᠋︔ ᠢᠳᠡᠪᠬᠢ ᠴᠢᠨᠠᠷ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠳᠠᠯᠠᠢ ᠶ᠋ᠢᠨ ᠬᠥᠪᠦᠩSpongosorites sp. ᠶ᠋ᠢᠨ ᠮᠧᠲ᠋ᠢᠯ ᠠᠯᠺᠣᠣᠯ ᠢ᠋ᠶ᠋ᠠᠷ ᠭᠠᠷᠭᠠᠨ ᠠᠪᠤᠭᠰᠠᠨ ᠠᠭᠤᠰᠤᠮᠠᠯ ᠳ᠋ᠤ᠌ ᠠᠮᠢᠳᠤ ᠪᠣᠳᠠᠰ ᠤ᠋ᠨ ᠢᠳᠡᠪᠬᠢ ᠴᠢᠨᠠᠷ ᠢ᠋ ᠮᠥᠷᠳᠡᠬᠦ ᠠᠷᠭ᠎ᠠ ᠪᠠᠷ ᠳᠣᠯᠤᠭᠠᠨ ᠰᠢᠨ᠎ᠡ ᠬᠢᠮᠢ ᠶ᠋ᠢᠨ ᠨᠢᠭᠡᠳᠪᠦᠷᠢ1 ᠪᠣᠯᠤᠨ3-8 ᠪᠠ ᠨᠢᠭᠡᠨᠲᠡ ᠢᠯᠡᠷᠡᠭᠦᠯᠦᠭᠰᠡᠨ ᠳᠣᠯᠤᠭᠠᠨ ᠬᠢᠮᠢ ᠶ᠋ᠢᠨ ᠨᠢᠭᠡᠳᠪᠦᠷᠢ2 ᠪᠣᠯᠤᠨ9-14 ᠨᠡᠢᠲᠡ ᠠᠷᠪᠠᠨ ᠳᠥᠷᠪᠡᠨ ᠨᠢᠭᠡᠳᠪᠦᠷᠢ ᠵᠢ ᠰᠢᠯᠭᠠᠨ ᠣᠯᠵᠤ ᠪᠦᠲᠦᠴᠡ ᠵᠢ ᠨᠤᠲᠠᠯᠠᠭᠰᠠᠨ ᠪᠠᠢᠨ᠎ᠠ᠃ ᠡᠳᠡᠭᠡᠷ ᠬᠢᠮᠢ ᠶ᠋ᠢᠨ ᠨᠢᠭᠡᠳᠪᠦᠷᠢ ᠨᠢtopsentim hamacathin ᠬᠡᠯᠪᠡᠷᠢ ᠶ᠋ᠢᠨ ᠬᠣᠶᠠᠷᠴᠢ ᠢᠨᠳᠦ᠋ ᠶ᠋ᠢᠨ ᠠᠮᠢᠳᠤ ᠪᠣᠳᠠᠰ ᠤ᠋ᠨ ᠱᠦᠯᠲᠦ ᠳ᠋ᠤ᠌ ᠪᠠᠭᠲᠠᠨ᠎ᠠ᠃ ᠬᠢᠮᠢ ᠶ᠋ᠢᠨ ᠨᠢᠭᠡᠳᠪᠦᠷᠢ7 ᠶ᠋ᠢᠨ ᠪᠦᠲᠦᠴᠡ ᠵᠢ ᠨᠢᠭᠡᠨᠲᠡ ᠨᠡᠢᠲᠡᠯᠡᠭᠰᠡᠨ ᠥᠭᠦᠯᠡᠯ ᠢ᠋ ᠦᠨᠳᠦᠰᠦᠯᠡᠵᠦ ᠪᠦᠲᠦᠴᠡ ᠶ᠋ᠢᠨ ᠲᠠᠯ᠎ᠠ ᠠ᠋ᠴᠠ ᠳᠠᠬᠢᠨ ᠨᠤᠲᠠᠯᠠᠵᠤ ᠵᠠᠰᠠᠪᠤᠷᠢᠯᠠᠭᠰᠠᠨ ᠪᠠᠢᠨ᠎ᠠ᠃ ᠪᠤᠰᠤᠳ ᠨᠢᠭᠡᠳᠪᠦᠷᠢ ᠶ᠋ᠢᠨ ᠪᠦᠲᠦᠴᠡ ᠵᠢ ᠴᠥᠮ᠎ᠡ ᠶ᠋ᠢᠨ ᠰᠣᠷᠢᠨᠵᠢᠨ ᠳᠡᠷᠪᠢᠯᠲᠡ︵NMR︶ ᠪᠣᠯᠤᠨ ᠮᠠᠰ︵MS︶ ᠤ᠋ᠨ ᠵᠢᠷᠤᠮᠠᠭ ᠪᠠ ᠲᠣᠭ᠎ᠠ ᠬᠡᠮᠵᠢᠭᠳᠡᠯ ᠢ᠋ ᠦᠨᠳᠦᠰᠦᠯᠡᠨ ᠲᠣᠭᠲᠠᠭᠠᠵᠤ᠂ ᠪᠦᠲᠦᠴᠡ ᠵᠢ ᠨᠤᠲᠠᠯᠠᠬᠤ ᠳ᠋ᠤ᠌ ᠭᠡᠷᠡᠯ ᠡᠷᠭᠢᠯᠲᠡ ᠪᠠNMR ᠵᠢᠷᠤᠮᠠᠭ ᠢ᠋ ᠠᠰᠢᠭᠯᠠᠭᠰᠠᠨ ᠪᠠᠢᠨ᠎ᠠ᠃ ᠬᠢᠮᠢ ᠶ᠋ᠢᠨ ᠨᠢᠭᠡᠳᠪᠦᠷᠢ1-4.6 ᠪᠣᠯᠤᠨ8-14 ᠨᠢ5 ᠲᠥᠷᠦᠯ ᠦ᠋ᠨ ᠬᠥᠮᠦᠨ ᠤ᠋ ᠪᠡᠶ᠎ᠡ ᠶ᠋ᠢᠨ ᠦᠮᠡᠨ ᠡᠰ ᠢ᠋ ᠡᠰᠡᠷᠭᠦᠴᠡᠬᠦ ᠢᠳᠡᠪᠬᠢ ᠴᠢᠨᠠᠷ ᠲᠠᠢ ᠪᠠᠢᠵᠤ᠂ ᠨᠢᠭᠡᠳᠪᠦᠷᠢ2 ᠨᠢMethicillin ᠡᠮ ᠳ᠋ᠤ᠌ ᠲᠡᠰᠪᠦᠷᠢᠲᠡᠢ ᠪᠠᠺᠲ᠋ᠧᠷᠢ ᠵᠢ ᠡᠰᠡᠷᠭᠦᠴᠡᠬᠦ ᠢᠳᠡᠪᠬᠢ ᠴᠢᠨᠠᠷ ᠲᠠᠢ᠃