ᠬᠤᠭᠤᠴᠠᠭᠠᠲᠦ ᠰᠡᠳᠭᠦᠯ
>
ᠥᠪᠦᠷ ᠮᠣᠩᠭᠤᠯ ᠤ᠋ᠨ ᠮᠠᠯ ᠠᠵᠤ ᠠᠬᠤᠢ
>
ᠰᠢᠨᠵᠢᠶᠠᠩ ᠤ᠋ᠨ ᠮᠠᠯ ᠠᠵᠤ ᠠᠬᠤᠢ
>
ᠰᠢᠨᠵᠢᠯᠡᠬᠦ ᠤᠬᠠᠭᠠᠨ ᠠᠮᠢᠳᠤᠷᠠᠯ
>
ᠥᠪᠦᠷ ᠮᠣᠩᠭᠤᠯ ᠤ᠋ᠨ ᠲᠠᠷᠢᠶᠠᠯᠠᠩ ᠤ᠋ᠨ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠪᠠᠢᠭᠠᠯᠢ ᠶ᠋ᠢᠨ ᠰᠢᠨᠵᠢᠯᠡ
>
ᠥᠪᠦᠷ ᠮᠣᠩᠭᠤᠯ ᠤ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ ᠦ᠋ᠨ ᠮᠣᠩᠭᠤᠯ ᠠᠨᠠᠭᠠᠬᠤ ᠤᠬᠠᠭᠠ
>
ᠮᠣᠩᠭᠤᠯ ᠠᠳᠤᠭᠤ
>
ᠥᠪᠦᠷ ᠮᠣᠩᠭᠤᠯ ᠤ᠋ᠨ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ
>
ᠥᠪᠦᠷ ᠮᠣᠩᠭᠤᠯ ᠤ᠋ᠨ ᠮᠠᠯ ᠡᠮᠨᠡᠯᠭᠡ
>
ᠲᠣᠭᠠᠨ ᠤ᠋ ᠤᠬᠠᠭᠠᠨ ᠤ᠋ ᠭᠠᠷ ᠪᠢᠴᠢᠮᠡᠯ
>
ᠥᠪᠦᠷ ᠮᠣᠩᠭᠤᠯ ᠤ᠋ᠨ ᠦᠨᠳᠦᠰᠦᠲᠡᠨ ᠦ᠌ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠭᠦᠯ

ᠰᠣᠷᠢᠨᠵᠢᠨ ᠬᠥᠷᠦᠭᠡᠯᠲᠡ ᠶ᠋ᠢᠨ ᠰᠢᠨ᠎ᠡᠮᠠᠲ᠋ᠧᠷᠢᠶᠠᠯMnFeP_0.8 〖Ge〗_0.2 ᠤ᠋ᠨ ᠰᠣᠷᠢᠨᠵᠢᠨ ᠰᠢᠨᠵᠢ ᠴᠢᠨᠠᠷ

ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201501
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/29
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠲᠡᠭᠦᠰ
ᠵᠠᠩᠭᠢᠯᠠᠭ᠎ᠠ ᠦᠭᠡ᠄ ᠰᠣᠷᠢᠨᠵᠢᠨ ᠬᠥᠷᠦᠭᠡᠯᠲᠡ︔ ᠰᠣᠷᠢᠨᠵᠢᠨ ᠢᠯᠴᠢ ᠦᠢᠯᠡᠴᠢᠯᠡᠭᠡ︔ ᠺᠶᠦ᠋ᠷᠢ ᠳᠤᠯᠠᠭᠠᠴᠠ
ᠰᠠᠭᠤᠷᠢ ᠮᠥᠩᠭᠦᠨ ᠤ᠋ ᠳᠡᠮᠵᠢᠯᠭᠡ᠄ ᠲᠤᠰ ᠠᠵᠢᠯ ᠨᠢ ᠤᠯᠤᠰ ᠤ᠋ᠨ ᠪᠠᠢᠭᠠᠯᠢ ᠶ᠋ᠢᠨ ᠰᠢᠨᠵᠢᠯᠡᠬᠦ ᠤᠬᠠᠭᠠᠨ ᠤ᠋ ᠰᠠᠭᠤᠷᠢ ᠲᠡᠳᠭᠦᠮᠵᠢ ᠶ᠋ᠢᠨ ᠮᠥᠩᠭᠦ︵No.51161017︶ ᠶ᠋ᠢᠨ ᠳᠡᠮᠵᠢᠯᠭᠡ ᠵᠢ ᠣᠯᠤᠭᠰᠠᠨ ᠪᠢᠯᠡ᠃
ᠠᠭᠤᠯᠭ᠎ᠠ ᠶ᠋ᠢᠨ ᠲᠣᠪᠴᠢ᠄ ᠲᠤᠰ ᠥᠭᠦᠯᠡᠯ ᠳ᠋ᠤ᠌ MnFeP_0.8 〖Ge〗_0.2 ᠨᠢᠭᠡᠳᠪᠦᠷᠢ ᠵᠢ ᠬᠡᠷᠬᠢᠨ ᠬᠢᠵᠦ ᠪᠦᠲᠦᠭᠡᠬᠦ ᠪᠠ ᠲᠡᠭᠦᠨ ᠤ᠋ ᠰᠣᠷᠢᠨᠵᠢᠨ ᠰᠢᠨᠵᠢ ᠴᠢᠨᠠᠷ ᠢ᠋ ᠮᠡᠳᠡᠭᠡᠯᠡᠨ᠎ᠡ᠃ ᠲᠤᠰ ᠮᠠᠲ᠋ᠧᠷᠢᠶᠠᠯ ᠢ᠋ ᠥᠨᠳᠦᠷ ᠡᠨᠧᠷᠭᠢᠲᠦ ᠪᠥᠮᠪᠦᠭᠡᠨ ᠨᠤᠨᠲᠠᠭᠯᠠᠬᠤ ᠪᠠ ᠬᠠᠲᠠᠭᠤ ᠲᠥᠯᠦᠪᠲᠦᠰᠢᠲᠠᠭᠠᠵᠤ ᠤᠷᠪᠠᠯᠳᠠᠭᠤᠯᠬᠤ ᠠᠷᠭ᠎ᠠ ᠪᠠᠷ ᠬᠢᠵᠦ ᠪᠦᠲᠦᠭᠡᠵᠡᠢ᠃X- ᠰᠠᠴᠤᠷᠠᠭ ᠤ᠋ᠨ ᠲᠦᠭᠡᠯᠲᠡ ᠶ᠋ᠢᠨ ᠦᠷ᠎ᠡ ᠳ᠋ᠦᠩ ᠨᠢ ᠲᠤᠰ ᠮᠠᠲ᠋ᠧᠷᠢᠶᠠᠯ ᠪᠣᠯ〖Fe〗_2P-ᠬᠡᠯᠪᠡᠷᠢᠲᠦ ᠳ᠋ᠠᠩ ᠹᠠᠰᠲᠤ ᠲᠠᠯᠠᠰᠲᠤ ᠪᠣᠯᠬᠤ ᠵᠢ ᠨᠤᠲᠠᠯᠠᠵᠠᠢ᠃ ᠰᠣᠷᠢᠨᠵᠢᠨ ᠴᠢᠨᠠᠷ ᠤ᠋ᠨ ᠬᠡᠮᠵᠢᠯᠲᠡ ᠪᠡᠷ ᠳᠠᠮᠵᠢᠨ ᠲᠤᠰ ᠮᠠᠲ᠋ᠧᠷᠢᠶᠠᠯ ᠨᠢ ᠰᠣᠷᠢᠨᠵᠢᠨ ᠢᠳᠡᠪᠬᠢ ᠴᠢᠨᠠᠷᠲᠠᠢ᠂ ᠲᠡᠭᠦᠨ ᠤ᠋ ᠺᠶᠦ᠋ᠷᠢ ᠳᠤᠯᠠᠭᠠᠴᠠ ᠨᠢ ᠰᠢᠲᠠᠭᠠᠵᠤ ᠤᠷᠪᠠᠯᠳᠠᠭᠤᠯᠬᠤ ᠳᠤᠯᠠᠭᠠᠴᠠ ᠵᠢ ᠳᠠᠭᠠᠨ268K ᠡᠴᠡ302K ᠤ᠋ ᠬᠣᠭᠤᠷᠤᠨᠳᠤ ᠬᠤᠪᠢᠰᠳᠠᠭ ᠪᠠ2T ᠰᠣᠷᠢᠨᠵᠢᠨ ᠣᠷᠤᠨ ᠤ᠋ ᠬᠤᠪᠢᠷᠠᠯᠲᠠ ᠳ᠋ᠤ᠌ ᠲᠡᠭᠦᠨ ᠤ᠋ ᠬᠠᠮᠤᠭ ᠤ᠋ᠨ ᠥᠨᠳᠦᠷ ᠰᠣᠷᠢᠨᠵᠢᠨ ᠢᠯᠴᠢ ᠦᠢᠯᠡᠴᠢᠯᠡᠭᠡ ᠶ᠋ᠢᠨ ᠬᠡᠮᠵᠢᠭᠳᠡᠯ ᠨᠢ25J/kgK ᠪᠣᠯᠬᠤ ᠵᠢ ᠢᠯᠡᠷᠡᠭᠦᠯᠦᠭᠰᠡᠨ ᠪᠠᠢᠨ᠎ᠠ᠃ ᠡᠳᠡᠭᠡᠷ ᠦᠷ᠎ᠡ ᠳ᠋ᠦᠩ ᠨᠢ ᠲᠤᠰ ᠮᠠᠲ᠋ᠧᠷᠢᠶᠠᠯ ᠪᠣᠯ ᠲᠠᠰᠤᠭ ᠤ᠋ᠨ ᠳᠤᠯᠠᠭᠠᠴᠠ ᠳ᠋ᠠᠬᠢ ᠲᠤᠩ ᠰᠠᠢᠨ ᠰᠣᠷᠢᠨᠵᠢᠨ ᠬᠥᠷᠦᠭᠡᠯᠲᠡ ᠶ᠋ᠢᠨ ᠮᠠᠲ᠋ᠧᠷᠢᠶᠠᠯ ᠤ᠋ᠨ ᠨᠢᠭᠡ ᠪᠣᠯᠬᠤ ᠵᠢ ᠪᠠᠲᠤᠯᠠᠵᠠᠢ᠃