ᠭᠡᠭᠦᠦ ᠶ᠋ᠢᠨ ᠰᠠᠯᠢᠮᠤᠨ᠋ᠸᠯᠯᠶᠤᠽ ᠢ᠋ ᠣᠨᠤᠰᠢᠯᠠᠬᠤ ᠯᠠᠲ᠋ᠸᠺᠰ ᠨᠠᠭᠠᠯᠳᠤᠭᠤᠯᠬᠤ ᠤᠷᠪᠠᠯ ᠤ᠋ᠨ ᠲᠦᠷᠭᠡᠨ ᠠᠷᠭ᠎ᠠ ᠪᠣᠯᠪᠠᠰᠤᠷᠠᠭᠤᠯᠤᠭᠰᠠᠨ ᠨᠢ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201501
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/29
ᠦᠵᠡᠭᠰᠡᠨ ᠤᠳᠠᠭ᠎ᠠ: 3ᠤᠳᠠᠭ᠎ᠠ
ᠵᠣᠬᠢᠶᠠᠭᠴᠢ᠄ ﹇ ᠮᠣᠩᠭᠤᠯ﹈ ᠪ ᠰᠠᠷᠠᠨᠲᠤᠶᠠᠭ᠎ᠠ᠂ ᠲ᠊ ᠪᠠᠶᠠᠰᠭᠤᠯᠠᠩ
ᠵᠠᠩᠭᠢᠯᠠᠭ᠎ᠠ ᠦᠭᠡ᠄ ᠯᠠᠲ᠋ᠸᠺᠰ ᠨᠠᠭᠠᠯᠳᠤᠭᠤᠯᠬᠤ ᠤᠷᠪᠠᠯ︔Salmonella abortusequi︔ᠢᠵᠢ ᠪᠠᠯᠨᠠᠳ᠋︔ ᠭᠠᠳᠠᠷ ᠮᠸᠮᠪᠷᠡᠨ ᠤ᠋ ᠤᠭᠤᠷᠠᠭ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠪᠢᠳᠡSalmonella abortus equi ᠶ᠋ᠢᠨ ᠡᠰᠡᠷᠭᠦ ᠡᠭᠦᠰᠦᠭᠰᠡᠨ ᠡᠰᠡᠷᠭᠦᠪᠢᠶᠸᠮ ᠢ᠋ ᠢᠯᠡᠷᠡᠭᠦᠯᠬᠦ ᠯᠠᠲ᠋ᠸᠺᠰ ᠨᠠᠭᠠᠯᠳᠤᠭᠤᠯᠬᠤ ᠤᠷᠪᠠᠯ︵ЛНу︶ ᠤ᠋ᠨ ᠡᠰᠡᠷᠭᠦᠳᠦ᠋ᠷᠥᠭᠴᠢ ᠵᠢ ᠪᠣᠯᠪᠠᠰᠤᠷᠠᠭᠤᠯᠪᠠ᠃ ᠯᠠᠲ᠋ᠸᠺᠰ ᠨᠠᠭᠠᠯᠳᠤᠭᠤᠯᠬᠤ ᠤᠷᠪᠠᠯ ᠤ᠋ᠨ ᠡᠰᠡᠷᠭᠦᠳᠦ᠋ᠷᠥᠭᠴᠢ ᠵᠢSalmonella abortusequi94 ᠣᠪᠤᠭ ᠢ᠋ ᠰᠥᠰᠦᠨ ᠤ᠋ ᠬᠦᠴᠢᠯ ᠦ᠋ᠨ ᠨᠠᠲ᠋ᠷᠢ ᠶ᠋ᠢᠨ ᠳᠠᠪᠤᠰᠤ ᠪᠠᠷ ᠡᠺᠰᠲ᠋ᠷᠡᠺᠲ᠋ᠯᠡᠵᠦ᠂ ᠭᠠᠳᠠᠷ ᠮᠸᠮᠪᠷᠡᠨ ᠤ᠋ ᠤᠭᠤᠷᠠᠭ ᠢ᠋ ᠢᠯᠭᠠᠨ ᠴᠡᠪᠡᠷᠰᠢᠭᠦᠯᠵᠦ᠂ ᠠᠳᠤᠭᠤᠨ ᠤ᠋ ᠡᠢᠯᠳᠡᠰᠦ ᠳ᠋ᠡᠬᠢ ᠡᠰᠡᠷᠭᠦᠪᠢᠶᠸᠮ ᠢ᠋2min ᠲᠦ᠍ ᠢᠯᠡᠷᠡᠭᠦᠯᠬᠦ ᠠᠷᠭ᠎ᠠ ᠵᠢ ᠪᠣᠯᠪᠠᠰᠤᠷᠠᠭᠤᠯᠪᠠ᠃ ᠯᠠᠲ᠋ᠸᠺᠰ ᠨᠠᠭᠠᠯᠳᠤᠭᠤᠯᠬᠤ ᠤᠷᠪᠠᠯ ᠨᠢ ᠬᠡᠷᠡᠭᠯᠡᠬᠦ ᠳ᠋ᠤ᠌ ᠡᠩ ᠦ᠋ᠨ ᠲᠤᠯᠠ ᠣᠷᠤᠨ ᠨᠤᠲᠤᠭ ᠤ᠋ᠨ ᠮᠠᠯ ᠡᠮᠨᠡᠯᠭᠡ ᠶ᠋ᠢᠨ ᠣᠨᠤᠰᠢᠯᠠᠭᠠᠨ ᠤ᠋ ᠯᠠᠪᠤᠷᠠᠲ᠋ᠣᠷᠢ ᠨᠤᠭᠤᠳ ᠲᠤ᠌ ᠶᠡᠬᠡ ᠲᠣᠬᠢᠷᠠᠮᠵᠢᠲᠠᠢ᠃ ᠯᠠᠲ᠋ᠸᠺᠰ ᠨᠠᠭᠠᠯᠳᠤᠭᠤᠯᠬᠤ ᠤᠷᠪᠠᠯ ᠢ᠋ ᠲᠠᠯᠪᠢᠬᠤ ᠳ᠋ᠠᠭᠠᠨ1% ᠶ᠋ᠢᠨ ᠡᠢᠯᠳᠡᠰᠦ ᠶ᠋ᠢᠨ ᠠᠯᠢ ᠪᠤᠮ ᠤ᠋ᠨ ᠳ᠋ᠤ᠌1᠄10 ᠪᠠᠷ ᠰᠢᠩᠭᠡᠯᠡᠭᠰᠡᠨ ᠰᠢᠨᠵᠢᠯᠡᠵᠦ ᠪᠣᠢ ᠡᠢᠯᠳᠡᠰᠦ ᠡᠴᠡ20 ᠮᠢᠺᠷᠣᠯᠢᠲ᠋ᠷ ᠠᠪᠴᠤ᠂ ᠳᠡᠭᠡᠷ᠎ᠡ ᠡᠴᠡ ᠨᠢ10μl ᠡᠰᠡᠷᠭᠦᠳᠦ᠋ᠷᠥᠭᠴᠢ ᠬᠢᠵᠦ ᠲᠠᠯᠪᠢᠭᠤᠷ ᠰᠢᠯ ᠳᠡᠭᠡᠷ᠎ᠡ ᠭᠦᠢᠴᠡᠳᠭᠡᠪᠡ᠃ ᠡᠰᠡᠷᠭᠦᠳᠦ᠋ᠷᠥᠭᠴᠢ ᠶ᠋ᠢᠨ ᠫᠷᠠᠺᠲ᠋ᠢᠭ ᠬᠡᠷᠡᠭᠯᠡᠭᠡ᠂ ᠥᠪᠡᠷᠮᠢᠴᠡ ᠪᠣᠯᠤᠨ ᠮᠡᠳᠡᠷᠡᠭ ᠴᠢᠨᠠᠷ ᠢ᠋565 ᠠᠳᠤᠭᠤᠨ ᠤ᠋ ᠡᠢᠯᠳᠡᠰᠦ ᠳ᠋ᠤ᠌ ᠨᠠᠭᠠᠯᠳᠤᠭᠤᠯᠬᠤ ᠤᠷᠪᠠᠯ︵Ну︶ ᠲᠠᠢ ᠬᠠᠷᠢᠴᠠᠭᠤᠯᠤᠨ ᠰᠣᠷᠢᠵᠤ ᠳ᠋ᠦᠩ ᠢ᠋ ᠭᠠᠷᠭᠠᠪᠠ᠃ ᠤᠷᠪᠠᠯ ᠤ᠋ᠨ ᠳ᠋ᠦᠩ ᠡᠴᠡ ᠬᠠᠷᠠᠬᠤ ᠳ᠋ᠤ᠌ ᠯᠠᠲ᠋ᠸᠺᠰ ᠨᠠᠭᠠᠯᠳᠤᠭᠤᠯᠬᠤ ᠤᠷᠪᠠᠯ ᠢ᠋ᠶ᠋ᠠᠷ314 ᠳᠡᠭᠡᠵᠢ︵54.7%︶᠂ ᠨᠠᠭᠠᠯᠳᠤᠭᠤᠯᠬᠤ ᠤᠷᠪᠠᠯ ᠢ᠋ᠶ᠋ᠠᠷ251 ᠳᠡᠭᠡᠵᠢ︵53.8%︶ ᠨᠢ ᠡᠶᠡᠷᠭᠦ ᠳ᠋ᠦᠩ ᠦᠵᠡᠭᠦᠯᠪᠡ᠃ ᠡᠨᠡ ᠬᠦ ᠰᠤᠳᠤᠯᠭᠠᠨ ᠤ᠋ ᠳ᠋ᠦᠩ ᠡᠴᠡ ᠬᠠᠷᠠᠬᠤ ᠳ᠋ᠤ᠌ ᠯᠠᠲ᠋ᠸᠺᠰ ᠨᠠᠭᠠᠯᠳᠤᠭᠤᠯᠬᠤ ᠤᠷᠪᠠᠯ ᠢ᠋ᠶ᠋ᠠᠷ ᠭᠡᠭᠦᠦ ᠶ᠋ᠢᠨ ᠰᠠᠯᠢᠮᠤᠨ᠋ᠸᠯᠯᠶᠤᠽ ᠶ᠋ᠢᠨ ᠬᠠᠯᠳᠠᠪᠤᠷᠢ ᠵᠢ ᠢᠯᠡᠷᠡᠭᠦᠯᠦᠭᠡᠳ ᠵᠣᠭᠰᠤᠬᠤ ᠦᠭᠡᠢ ᠲᠡᠭᠡᠭᠡᠭᠴᠢ ᠵᠢ ᠢᠯᠡᠷᠡᠭᠦᠯᠬᠦ ᠡᠯᠢᠳ᠋ᠸᠮᠢᠶᠤᠯᠤᠭᠢ ᠶ᠋ᠢᠨ ᠠᠴᠢ ᠬᠣᠯᠪᠤᠭᠳᠠᠯ ᠲᠠᠢ ᠪᠣᠯᠬᠤ ᠵᠢ ᠲᠣᠭᠲᠠᠭᠠᠪᠠ᠃