ᠤᠯᠠᠮᠵᠢᠯᠠᠯᠲᠤ ᠨᠠᠢᠷᠯᠠᠭ᠎ᠠ ᠶ᠋ᠢᠨ ᠬᠡᠯᠪᠡᠷᠢ ᠵᠢ ᠥᠭᠡᠷᠡᠴᠢᠯᠡᠨ ᠬᠦᠵᠢᠨ ᠡᠮ ᠪᠣᠯᠭᠠᠬᠤ ᠲᠤᠬᠠᠢ
ᠢᠷᠡᠯᠲᠡ: ᠪᠠᠢᠭᠠᠯᠢ ᠶ᠋ᠢᠨ ᠰᠢᠨᠵᠢᠯᠡᠬᠦ ᠤᠬᠠᠭᠠᠨ ᠦ᠌ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠰᠢᠨᠵᠢᠯᠡᠬᠦ ᠤᠬᠠᠭᠠᠨ -> 201801
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2018/08/31
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠯᠢᠦ ᠽᠠᠢ ᠬᠣᠩ᠂ ᠢᠯᠠᠨ᠎ᠠ᠂ ᠠᠭᠤᠳᠠᠮ
ᠵᠠᠩᠭᠢᠯᠠᠭ᠎ᠠ ᠦᠭᠡ᠄ ᠵᠢᠷᠥ᠋ᠭ-6 ᠶ᠋ᠢᠨ ᠲᠠᠯᠬ᠎ᠠ︔ ᠬᠦᠵᠢᠨ ᠡᠮ︔ ᠵᠢᠷᠥ᠋ᠭ-6 ᠶ᠋ᠢᠨ ᠬᠦᠵᠢᠨ ᠡᠮ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠡᠮᠡᠭᠲᠡᠢ ᠶ᠋ᠢᠨ ᠦᠷᠡᠵᠢᠯ ᠦ᠋ᠨ ᠭᠠᠳᠠᠷ ᠡᠷᠬᠡᠲᠡᠨ ᠤ᠋ ᠡᠪᠡᠳᠴᠢᠨ ᠪᠣᠯ ᠡᠮᠡᠭᠲᠡᠢ ᠶ᠋ᠢᠨ ᠭᠠᠳᠠᠷ ᠪᠡᠯᠭᠡ ᠶ᠋ᠢᠨ ᠬᠡᠰᠡᠭ᠂ ᠤᠮᠠᠢ ᠶ᠋ᠢᠨ ᠳᠣᠲᠤᠷ᠎ᠠ ᠰᠦᠷᠡᠬᠡᠢ ᠵᠠᠭᠠᠲᠤᠨᠠᠬᠤ᠂ ᠬᠠᠯᠠᠭᠤᠨ ᠣᠷᠭᠢᠵᠤ ᠡᠪᠡᠳᠬᠦ᠂ ᠴᠠᠭᠠᠨ ᠴᠢᠭᠢᠭ ᠦ᠋ᠨ ᠬᠡᠮᠵᠢᠶ᠎ᠡ᠂ ᠥᠩᠭᠡ᠂ ᠦᠨᠦᠷ ᠨᠢ ᠡᠷᠡᠭᠦᠯ ᠪᠤᠰᠤ ᠪᠣᠯᠬᠤ ᠪᠠᠷ ᠣᠨᠴᠠᠯᠢᠭ ᠪᠣᠯᠭᠠᠭᠰᠠᠨ ᠨᠢᠭᠡ ᠵᠦᠢᠯ ᠦ᠋ᠨ ᠡᠪᠡᠳᠴᠢᠨ ᠪᠣᠯᠤᠨ᠎ᠠ᠃ ᠬᠡᠷᠪᠡ ᠵᠠᠰᠠᠬᠤ ᠦᠭᠡᠢ ᠪᠡᠷ ᠤᠳᠠᠭᠠᠰᠢᠷᠠᠪᠠᠯ ᠡᠪᠡᠳᠴᠢᠨ ᠨᠢ ᠤᠯᠠᠮ ᠬᠦᠨᠳᠦᠷᠡᠬᠦ ᠪᠤᠶᠤ ᠪᠠᠢᠨ ᠳᠠᠬᠢᠨ ᠳᠠᠬᠢᠵᠤ᠂ ᠡᠪᠡᠳᠴᠢᠲᠡᠨ ᠤ᠋ ᠠᠵᠢᠯᠯᠠᠵᠤ ᠠᠮᠠᠷᠠᠬᠤ ᠪᠠᠢᠳᠠᠯ ᠪᠠ ᠴᠣᠭ ᠰᠦᠯᠳᠡ ᠵᠢ ᠨᠥᠯᠦᠭᠡᠯᠡᠨ᠎ᠡ᠃ ᠡᠮᠴᠢᠯᠡᠭᠡᠨ ᠳᠡᠭᠡᠷ᠎ᠡ ᠵᠢᠷᠥ᠋ᠭ-6 ᠶ᠋ᠢᠨ ᠨᠠᠢᠷᠯᠠᠭ᠎ᠠ ᠵᠢ ᠭᠣᠣᠯ ᠪᠣᠯᠭᠠᠨ ᠨᠢᠷᠤᠬ᠎ᠠ ᠪᠣᠯᠤᠨ ᠬᠦᠵᠢᠨ ᠡᠮ ᠦ᠋ᠨ ᠬᠡᠯᠪᠡᠷᠢ ᠪᠡᠷ ᠭᠠᠳᠠᠷ ᠬᠡᠷᠡᠭᠯᠡᠭᠰᠡᠭᠡᠷ ᠢᠷᠡᠵᠡᠢ᠃ ᠲᠤᠰ ᠥᠭᠦᠯᠡᠯ ᠳ᠋ᠤ᠌ ᠵᠢᠷᠥ᠋ᠭ-6 ᠶ᠋ᠢᠨ ᠲᠠᠯᠬ᠎ᠠ ᠵᠢ ᠬᠦᠵᠢᠨ ᠡᠮ ᠪᠣᠯᠭᠠᠨ ᠰᠢᠯᠢᠳᠡᠭᠵᠢᠭᠦᠯᠬᠦ ᠶᠠᠪᠤᠴᠠ ᠳ᠋ᠤ᠌ ᠤᠯᠠᠮᠵᠢᠯᠠᠯᠲᠤ ᠮᠣᠩᠭᠤᠯ ᠠᠨᠠᠭᠠᠬᠤ ᠤᠬᠠᠭᠠᠨ ᠳ᠋ᠠᠬᠢ ᠬᠦᠵᠢᠨ ᠡᠮ ᠦ᠋ᠨ ᠲᠤᠬᠠᠢ ᠣᠢᠯᠠᠭᠠᠯᠲᠠ᠂ ᠣᠳᠣᠬᠢ ᠠᠨᠠᠭᠠᠬᠤ ᠤᠬᠠᠭᠠᠨ ᠳ᠋ᠠᠬᠢ ᠬᠦᠵᠢᠨ ᠡᠮ ᠦ᠋ᠨ ᠲᠤᠬᠠᠢ ᠣᠢᠯᠠᠭᠠᠯᠲᠠ᠂ ᠵᠢᠷᠥ᠋ᠭ-6 ᠶ᠋ᠢᠨ ᠲᠠᠯᠬ᠎ᠠ ᠵᠢ ᠬᠦᠵᠢᠨ ᠡᠮ ᠪᠣᠯᠭᠠᠵᠤ᠂ ᠨᠠᠢᠷᠯᠠᠭ᠎ᠠ ᠶ᠋ᠢᠨ ᠬᠡᠯᠪᠡᠷᠢ ᠵᠢ ᠥᠭᠡᠷᠡᠴᠢᠯᠡᠬᠦ ᠶᠠᠪᠤᠴᠠ ᠳ᠋ᠤ᠌ ᠬᠦᠵᠢᠨ ᠡᠮ ᠦ᠋ᠨ ᠲᠤᠬᠠᠢ ᠲᠠᠨᠢᠯᠲᠠ᠂ ᠰᠠᠭᠤᠷᠢ ᠡᠳ᠋ ᠦ᠋ᠨ ᠰᠣᠩᠭᠤᠯᠲᠠ ᠶ᠋ᠢᠨ ᠨᠥᠬᠦᠴᠡᠯ᠂ ᠬᠦᠵᠢᠨ ᠡᠮ ᠦ᠋ᠨ ᠴᠢᠨᠠᠷ ᠴᠢᠨᠰᠠᠭ᠎ᠠ ᠶ᠋ᠢᠨ ᠱᠠᠭᠠᠷᠳᠠᠯᠭ᠎ᠠ ᠵᠡᠷᠭᠡ ᠲᠠᠯ᠎ᠠ ᠪᠠᠷ ᠰᠠᠢᠲᠤᠷ ᠡᠵᠡᠮᠰᠢᠵᠦ᠂ ᠡᠮᠡᠭᠲᠡᠢᠴᠦᠳ ᠦ᠋ᠨ ᠠᠵᠢᠯ ᠠᠮᠢᠳᠤᠷᠠᠯ ᠤ᠋ᠨ ᠴᠢᠨᠠᠷ ᠴᠢᠨᠰᠠᠭ᠎ᠠ ᠪᠠ ᠡᠷᠡᠭᠦᠯ ᠮᠡᠨᠳᠦ ᠶ᠋ᠢᠨ ᠲᠥᠯᠦᠭᠡ ᠤᠯᠠᠮ ᠨᠢᠭᠡ ᠠᠯᠬᠤᠮ ᠬᠤᠪᠢ ᠨᠡᠮᠡᠷᠢ ᠦᠵᠡᠭᠦᠯᠬᠦ ᠪᠡᠷ ᠵᠣᠷᠢᠭᠰᠠᠨ ᠪᠠᠢᠨ᠎ᠠ᠃