ᠮᠣᠩᠭᠤᠯᠴᠤᠳ ᠤᠨ ᠴᠠᠭᠠᠯᠠᠬᠤ ᠶᠣᠰᠤᠨ ᠳᠠᠬᠢ ᠡᠷᠡᠦ ᠲᠣᠯᠤᠭᠠᠢ ᠵᠠᠭᠠᠬᠤ ᠳᠣᠮ ᠤᠨ ᠤᠴᠢᠷ
ᠢᠷᠡᠯᠲᠡ: ᠶᠡᠷᠦᠩᠬᠡᠢᠯᠡᠭᠰᠡᠨ ᠲᠥᠷᠦᠯ ᠦ᠋ᠨ ᠮᠣᠩᠭᠤᠯ ᠬᠡᠯᠡ ᠦ᠌ ᠬᠤᠭᠤᠴᠠᠭᠠᠲᠦ ᠰᠡᠳᠭᠦᠯ -> ᠳᠡᠭᠡᠳᠦ ᠮᠣᠩᠭᠤᠯ -> 201302
ᠮᠠᠲ᠋ᠧᠷᠢᠶᠠᠯ ᠶ᠋ᠢᠨ ᠬᠡᠯᠪᠡᠷᠢ: pdf
ᠳᠠᠮᠵᠢᠭᠤᠯᠤᠭᠰᠠᠨ ᠴᠠᠭ: 2019/04/02
ᠦᠵᠡᠭᠰᠡᠨ ᠤᠳᠠᠭ᠎ᠠ: 0ᠤᠳᠠᠭ᠎ᠠ
ᠵᠣᠬᠢᠶᠠᠭᠴᠢ᠄ ᠡᠷᠢᠨᠽᠠᠨ
ᠵᠠᠩᠭᠢᠯᠠᠭ᠎ᠠ ᠦᠭᠡ᠄ ᠡᠷᠡᠦ ᠲᠣᠯᠤᠭᠠᠢ ᠵᠠᠭᠠᠬᠤ᠂ ᠬᠠᠭᠠᠴᠠᠭᠤᠯᠬᠤ ᠳᠣᠮ᠂ ᠤᠯᠠᠷᠢᠯ ᠬᠤᠪᠢᠷᠠᠯ
ᠰᠠᠭᠤᠷᠢ ᠮᠥᠩᠭᠦᠨ ᠤ᠋ ᠳᠡᠮᠵᠢᠯᠭᠡ᠄ (ᠦᠭᠡᠢ)
ᠠᠭᠤᠯᠭ᠎ᠠ ᠶ᠋ᠢᠨ ᠲᠣᠪᠴᠢ᠄ ᠡᠷᠡᠦ ᠲᠣᠯᠤᠭᠠᠢ ᠵᠠᠭᠠᠬᠤ ᠶᠣᠰᠤᠨ ᠮᠣᠩᠭᠤᠯ ᠤᠨ ᠣᠯᠠᠨ ᠣᠪᠤᠭ ᠶᠠᠰᠤᠲᠠᠨ ᠤ ᠳᠤᠮᠳᠠ ᠲᠦᠭᠡᠮᠡᠯ ᠪᠠᠢᠳᠠᠭ ᠡᠷᠲᠡᠨ ᠤ ᠮᠣᠩᠭᠤᠯᠴᠤᠳ ᠤᠨ ᠰᠣᠶᠤᠯ ᠰᠡᠳᠭᠢᠴᠡ᠂ ᠰᠢᠲᠦᠯᠭᠡ ᠪᠢᠰᠢᠷᠡᠯ ᠲᠡᠢ ᠬᠣᠯᠪᠤᠭᠳᠠᠬᠤ ᠰᠣᠨᠢᠷᠬᠠᠯᠲᠠᠢ ᠵᠠᠩᠰᠢᠯ ᠶᠤᠮ᠃ ᠲᠡᠷᠡ ᠨᠢ ᠮᠣᠩᠭᠤᠯᠴᠤᠳ ᠤᠨ︽ ᠤᠤᠯ ᠤᠨ ᠴᠠᠭ ᠲᠣᠬᠢᠶᠠᠯ᠂ ᠡᠭᠦᠷᠭᠡ ᠵᠣᠷᠢᠯᠭ᠎ᠠ ᠶᠢ ᠨᠢ ᠦᠨᠳᠢᠮᠡᠷ ᠨᠢᠭᠡᠨ ᠬᠡᠷᠡᠭ ᠦᠵᠡᠭᠳᠡᠯ ᠡᠴᠡ ᠨᠢ ᠬᠠᠭᠠᠴᠠᠭᠤᠯᠵᠤ᠂ ᠰᠢᠨ᠎ᠡ ᠬᠡᠷᠡᠭ ᠦᠵᠡᠭᠳᠡᠯ ᠵᠦᠭ ᠬᠠᠨᠳᠤᠭᠤᠯᠬᠤ︾ ᠭᠡᠰᠡᠨ ᠡᠷᠲᠡᠨ ᠤ ᠳᠣᠮ ᠰᠢᠪᠰᠢᠯᠭᠡ ᠪᠠ ᠰᠢᠲᠦᠯᠭᠡ ᠪᠢᠰᠢᠷᠡᠯ ᠦᠨ ᠲᠠᠨᠢᠯᠲᠠ ᠠᠴᠠ ᠡᠭᠦᠰᠦᠨ ᠳᠦᠷᠢᠮᠵᠢᠭᠰᠡᠨ ᠦᠢᠯᠡ ᠠᠵᠢᠯᠯᠠᠭ᠎ᠠ ᠪᠠᠢᠵᠠᠢ᠃ ᠡᠨᠳᠡ ᠮᠣᠩᠭᠤᠯᠴᠤᠳ ᠤᠨ ᠡᠷᠡᠦ ᠲᠣᠯᠤᠭᠠᠢ ᠵᠠᠭᠠᠬᠤ ᠳᠣᠮ ᠢ ᠲᠡᠭᠦᠨ ᠢ ᠭᠦᠢᠴᠡᠳᠭᠡᠵᠦ ᠪᠠᠢᠭ᠎ᠠ᠂ ᠴᠠᠭᠠᠨ ᠰᠠᠷ᠎ᠠ ᠳᠤ ᠪᠢᠲᠡᠭᠦᠨ ᠤ ᠣᠷᠤᠢ ᠶᠢᠨ ᠪᠢᠲᠡᠭᠦᠦ ᠬᠠᠷᠠᠩᠭᠤᠢ ᠪᠤᠶᠤ ᠮᠠᠩᠭᠤᠰ ᠰᠢᠮᠨᠤᠰ ᠠᠴᠠ ᠰᠠᠯᠭᠠᠬᠤ ᠪᠠ ᠡᠷᠦᠬᠡ ᠭᠡᠷ ᠦᠨ ᠬᠡᠷᠡᠭᠦᠯ ᠵᠥᠷᠢᠴᠡᠯ ᠢ ᠵᠥᠭᠰᠢᠷᠡᠭᠦᠯᠦᠨ ᠨᠠᠮᠳᠠᠭᠤᠯᠬᠤ ᠬᠣᠶᠠᠷ ᠵᠦᠢᠯ ᠦᠨ ᠳᠣᠮ ᠲᠠᠢ ᠬᠣᠯᠪᠤᠨ ᠰᠢᠨᠵᠢᠯᠡᠪᠡ᠃