ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠵᠢᠨᠵᠦᠷᠵᠠᠪ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠵᠢᠨᠵᠦᠷᠵᠠᠪ ︵ 1906——1968︶ ᠬᠠᠭᠤᠷᠮᠠᠭ ᠮᠠᠨᠵᠤ ᠤᠯᠤᠰ ᠤᠨ ᠬᠠᠭᠤᠷᠠᠢ ᠵᠠᠮ ᠤᠨ ᠴᠡᠷᠢᠭ ᠦᠨ ᠵᠠᠩᠵᠤᠨ᠂ ᠮᠣᠩᠭᠤᠯ ᠦᠨᠳᠦᠰᠦᠲᠡᠨ᠃ ᠬᠠᠨ ᠬᠡᠮᠡᠬᠦ ᠬᠢᠲᠠᠳ ᠣᠪᠤᠭ ᠲᠠᠢ᠂ ᠤᠭ ᠨᠤᠲᠤᠭ ᠨᠢ ᠵᠤᠰᠤᠲᠤ ᠠᠢᠮᠠᠭ ᠤᠨ ᠮᠣᠩᠭᠤᠯᠵᠢᠨ ᠬᠣᠰᠢᠭᠤ ᠮᠥᠨ᠃ ᠰᠦᠷᠦᠭ ᠦᠨ ᠬᠣᠰᠢᠭᠤ︵ᠣᠳᠣ ᠶ᠋ᠢᠨ ᠵᠠᠩ ᠡᠦ ᠰᠢᠶᠠᠨ ︶ ᠳᠤ ᠲᠥᠷᠦᠵᠦ ᠥᠰᠴᠡᠢ᠃ ᠲᠡᠭᠦᠨ ᠦ ᠡᠴᠢᠭᠡ ᠪᠠᠪᠤᠵᠠᠪ ᠨᠢ ᠱᠦᠨ ᠴᠢᠩ《ᠰᠦᠩ ᠱᠧ ᠨᠠᠮ》 ᠤᠨ 《ᠸᠠᠩ ᠳᠤ ᠦᠢᠯᠡᠴᠢᠯᠡᠬᠦ ᠤᠯᠤᠰ ᠲᠤ ᠲᠤᠰᠠᠯᠠᠬᠤ ᠴᠡᠷᠢᠭ》 ᠦᠨ ᠰᠧᠯᠢᠩ ᠪᠠᠢᠵᠠᠢ᠃ ᠵᠢᠨᠵᠦᠷᠵᠠᠪ 1925 ᠣᠨ ᠳᠤ ᠶᠠᠫᠣᠨ ᠤ ᠲᠣᠣᠺᠢᠣ᠋ ᠶᠠᠮᠤᠨ ᠠᠴᠠ ᠪᠠᠢᠭᠤᠯᠤᠭᠰᠠᠨ 6 ᠳ᠋ᠤᠭᠠᠷ ᠳᠤᠮᠳᠠᠳᠤ ᠰᠤᠷᠭᠠᠭᠤᠯᠢ ᠠᠴᠠ ᠰᠤᠷᠤᠯᠭ᠎ᠠ ᠲᠡᠭᠦᠰᠴᠦ᠂ ᠶᠠᠫᠣᠨ ᠤ ᠬᠠᠭᠤᠷᠠᠢ ᠵᠠᠮ ᠤᠨ ᠴᠡᠷᠢᠭ ᠦᠨ ᠴᠡᠷᠢᠭ ᠦᠨ ᠨᠣᠶᠠᠨ ᠤ ᠰᠤᠷᠭᠠᠭᠤᠯᠢ ᠶᠢᠨ ᠫᠤᠤᠲᠤ ᠴᠡᠷᠢᠭ ᠦ᠋ᠨ ᠰᠠᠯᠪᠤᠷᠢ ᠳᠤ ᠰᠢᠯᠭᠠᠨ ᠣᠷᠤᠵᠠᠢ᠃ ᠶᠠᠫᠣᠨ ᠳᠤ ᠰᠤᠷᠤᠯᠴᠠᠵᠤ ᠶᠠᠪᠤᠭ᠎ᠠ ᠬᠤᠭᠤᠴᠠᠭᠠᠨ ᠳᠠᠭᠠᠨ ᠲᠡᠭᠦᠨ ᠦ ᠠᠬ᠎ᠠ ᠭᠠᠨᠵᠤᠷᠵᠠᠪ ᠲᠠᠢ ᠪᠠᠨ ᠬᠠᠮᠲᠤ᠂ ᠶᠠᠫᠣᠨ ᠤ ᠲᠤᠢᠯ ᠤᠨ ᠪᠠᠷᠠᠭᠤᠨᠲᠠᠨ ᠤ ᠪᠦᠯᠦᠭ ᠾᠧ ᠯᠦᠩ ᠬᠣᠢ᠂ ᠳ᠋ᠠ ᠬᠤᠸᠠ ᠬᠤᠢ᠂ ᠠᠶ ᡁᠢ ᠸᠠᠩ ᠶᠤᠸᠠᠨ ᠱᠧ ᠵᠡᠷᠭᠡ ᠲᠡᠢ ᠨᠢᠭᠲᠠ ᠶᠠᠪᠤᠯᠴᠠᠵᠤ᠂ ᠶᠠᠫᠣᠨ ᠤ ᠵᠠᠰᠠᠭ ᠲᠥᠷᠦ ᠶᠢᠨ ᠴᠢᠬᠤᠯᠠ ᠬᠥᠮᠦᠰ ᠵᠥᠪᠯᠡᠭᠴᠢ ᠶ᠋ᠢᠨ ᠬᠡᠯᠲᠡᠰ᠂ ᠬᠠᠭᠤᠷᠠᠢ ᠵᠠᠮ ᠤᠨ ᠮᠤᠵᠢ ᠵᠡᠷᠭᠡ ᠴᠡᠷᠢᠭ ᠦᠨ ᠡᠲᠡᠭᠡᠳ ᠦᠨ ᠵᠠᠯᠠᠭᠤ ᠢᠳᠡᠷ ᠴᠡᠷᠢᠭ ᠦᠨ ᠨᠣᠶᠠᠳ ᠲᠠᠢ ᠬᠠᠯᠠᠭᠤᠮᠰᠤᠭ ᠶᠠᠪᠤᠯᠴᠠᠵᠤ ᠪᠠᠢᠪᠠ᠃ 《9• 18》 ᠤ ᠬᠡᠷᠡᠭ ᠬᠤᠪᠢᠰᠤᠯ ᠤᠨ ᠳᠠᠷᠠᠭ᠎ᠠ᠂ ᠵᠢᠨᠵᠦᠷᠵᠠᠪ ᠬᠠᠭᠤᠷᠮᠠᠭ ᠮᠠᠨᠵᠤ ᠤᠯᠤᠰ ᠤᠨ ᠬᠢᠩᠭᠠᠨ ᠶᠡᠷᠦᠩᠬᠡᠢ ᠵᠠᠬᠢᠷᠭ᠎ᠠ ᠶᠢᠨ ᠨᠣᠶᠠᠨ ᠪᠣᠯᠵᠠᠢ᠃ 1932 ᠣᠨ ᠳᠤ ᠲᠡᠭᠦᠨ ᠦ ᠠᠬ᠎ᠠ ᠭᠠᠨᠵᠤᠷᠵᠠᠪ ᠲᠠᠢ ᠪᠠᠨ ᠬᠠᠮᠲᠤ ︽ᠥᠪᠦᠷ ᠮᠣᠩᠭᠤᠯ ᠤ᠋ᠨ ᠥᠪᠡᠷᠲᠡᠭᠡᠨ ᠵᠠᠰᠠᠬᠤ ᠴᠡᠷᠢᠭ︾ ᠢ ᠵᠣᠬᠢᠶᠠᠨ ᠪᠠᠢᠭᠤᠯᠪᠠ᠃ 1939 ᠣᠨ ᠤ ᠨᠣᠮᠤᠬᠠᠨ ᠤ᠋ ᠲᠡᠢᠨ ᠦ ᠬᠤᠭᠤᠴᠠᠭᠠᠨ ᠳᠤ ᠮᠦᠭᠳᠡᠨ ᠦ ᠬᠠᠭᠤᠷᠮᠠᠭ ᠬᠠᠭᠤᠷᠠᠢ ᠵᠠᠮ ᠤᠨ ᠴᠡᠷᠢᠭ ᠦᠨ ᠲᠥᠪ ᠦ᠋ᠨ ᠰᠤᠷᠭᠠᠭᠤᠯᠢᠯᠠᠯ ᠤᠨ ᠭᠠᠵᠠᠷ ᠤᠨ ᠲᠤᠰᠭᠠᠢ ᠮᠡᠷᠭᠡᠵᠢᠯ ᠦᠨ ᠰᠠᠯᠪᠤᠷᠢ ᠳᠤ ᠰᠤᠷᠤᠯᠴᠠᠵᠤ ᠪᠠᠢᠭᠰᠠᠨ ᠵᠢᠨᠵᠦᠷᠵᠠᠪ ᠳᠡᠰᠯᠡᠭᠴᠢ ᠬᠤᠷᠠᠩᠳᠠ ᠶᠢ ᠰᠢᠨ᠎ᠡ ᠪᠡᠷ ᠪᠠᠢᠭᠤᠯᠤᠭᠰᠠᠨ ᠬᠢᠩᠭᠠᠨ ᠳ᠋ᠢᠸᠢᠽᠢ ᠶᠢᠨ ᠰᠧᠯᠢᠩᠪᠦ᠋ ᠶᠢᠨ ᠳᠠᠳᠤᠯᠭ᠎ᠠ ᠶᠢᠨ ᠲᠡᠢᠨ ᠦ ᠲᠠᠯᠠᠪᠤᠷ ᠤᠨ ᠱᠲ᠋ᠠᠪᠴᠢ ᠪᠠᠷ ᠲᠣᠮᠢᠯᠠᠵᠤ ᠶᠠᠪᠤᠭᠤᠯᠪᠠ᠃ l945 ᠣᠨ ᠳᠤ ᠶᠠᠫᠣᠨ ᠪᠠᠭᠤᠵᠤ ᠥᠭᠭᠦᠭᠰᠡᠨ ᠦ᠌ ᠳᠠᠷᠠᠭ᠎ᠠ᠂ ᠵᠥᠪᠯᠡᠯᠲᠦ ᠶ᠋ᠢᠨ ᠤᠯᠠᠭᠠᠨ ᠠᠷᠮᠢ ᠳᠤ ᠪᠠᠷᠢᠪᠴᠢᠯᠠᠭᠳᠠᠵᠤ ᠰᠢᠪᠧᠷᠢᠶ᠎ᠠ ᠶᠢᠨ ᠬᠠᠪᠠᠯᠤᠸᠰᠺ ᠲᠠᠬᠢ ᠶᠠᠫᠣᠨ ᠨᠣᠶᠠᠳ ᠤᠨ ᠣᠯᠵᠠᠯᠠᠭᠳᠠᠭᠰᠠᠳ ᠢ ᠬᠣᠷᠢᠬᠤ ᠭᠠᠵᠠᠷ ᠲᠤ ᠬᠣᠷᠢᠵᠤ ᠲᠠᠯᠪᠢᠵᠠᠶ᠃ 1950 ᠣᠨ ᠳᠤ ᠤᠯᠤᠰ ᠲᠤ ᠡᠭᠡᠭᠦᠯᠦᠨ ᠠᠪᠴᠢᠷᠠᠵᠤ ᠹᠦᠱᠦ᠋ᠨ ᠳ᠋ᠡᠬᠢ ᠲᠡᠢᠨ ᠦ ᠶᠠᠯᠠᠲᠠᠨ ᠢ ᠬᠣᠷᠢᠬᠤ ᠭᠠᠵᠠᠷ ᠲᠤ ᠬᠣᠷᠢᠪᠠ᠃ 1963 ᠣᠨ ᠳᠤ ᠬᠣᠶᠠᠳᠤᠭᠠᠷ ᠪᠦᠯᠦᠭ ᠬᠠᠭᠤᠷᠮᠠᠭ ᠮᠣᠩᠭᠤᠯ ᠮᠠᠨᠵᠤ ᠶᠢᠨ ᠲᠡᠢᠨ ᠦ ᠶᠠᠯᠠᠲᠠᠳ ᠲᠤ ᠶᠡᠬᠡ ᠠᠭᠤᠴᠢᠯᠠᠯ ᠦᠵᠡᠭᠦᠯᠬᠦ ᠪᠡᠷ ᠤᠯᠤᠰ ᠠᠴᠠ ᠲᠤᠩᠬᠠᠭᠯᠠᠭᠰᠠᠨ ᠤ ᠳᠠᠷᠠᠭ᠎ᠠ᠂ ᠵᠢᠨᠵᠦᠷᠵᠠᠪ ᠰᠤᠯᠠᠯᠠᠭᠳᠠᠵᠤ ᠬᠠᠢᠯᠠᠷ ᠲᠤ ᠣᠴᠢᠵᠤ ᠰᠠᠭᠤᠪᠠ᠃ 1968 ᠣᠨ ᠤ ᠡᠪᠦᠯ ᠡᠪᠡᠳᠴᠢᠨ ᠢᠶᠡᠷ ᠨᠠᠰᠤ ᠨᠥᠭᠴᠢᠵᠡᠢ᠃