ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠢᠩ ᠬᠤ᠌

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠢᠩ ᠬᠤ᠌ ︵ 1924—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠪᠠᠭᠠᠲᠤᠷ᠂ ᠥᠪᠦᠷ ᠮᠣᠩᠭᠤᠯ ᠤ᠋ᠨ ᠵᠢᠷᠢᠮ ᠠᠢᠮᠠᠭ ᠤᠨ ᠬᠣᠷᠴᠢᠨ ᠵᠡᠭᠦᠨ ᠭᠠᠷᠤᠨ ᠡᠮᠦᠨᠡᠲᠦ ᠬᠣᠰᠢᠭᠤᠨ ᠳᠤ ᠨᠤᠲᠤᠭ ᠲᠠᠢ᠃ ᠮᠣᠩᠭᠤᠯ ᠦᠨᠳᠦᠰᠦᠲᠡᠨ᠃ 1946 ᠣᠨ ᠤ l0 ᠰᠠᠷ᠎ᠠ ᠳᠤ ᠴᠡᠷᠢᠭ ᠲᠦ ᠣᠷᠤᠵᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ 1947 ᠣᠨ ᠤ 5 ᠰᠠᠷ᠎ᠠ ᠶᠢᠨ 26 ᠤ ᠡᠳᠦᠷ ᠭᠣᠮᠢᠨᠳᠠᠩ ᠤᠨ ᠴᠡᠷᠢᠭ ᠦᠨ ᠯᠢᠶᠣᠣᠪᠧᠶ ᠦ᠋ᠨ ᠮᠣᠷᠢᠲᠤ ᠴᠡᠷᠢᠭ ᠦ᠋ᠨ 18 ᠳ᠋ᠤᠭᠠᠷ ᠳ᠋ᠢᠸᠢᠽᠢ ᠨᠢ ᠴᠢᠶᠠᠨ ᠵᠢᠶᠠ ᠳ᠋ᠢᠶᠠᠨ ᠳᠤ ᠥᠪᠦᠷ ᠮᠣᠩᠭᠤᠯ ᠤ᠋ᠨ ᠮᠣᠷᠢᠲᠤ ᠴᠡᠷᠢᠭ ᠦᠨ 2 ᠳ᠋ᠤᠭᠠᠷ ᠳ᠋ᠢᠸᠢᠽᠢ ᠳᠦ ᠴᠣᠬᠢᠭᠳᠠᠭᠰᠠᠨ ᠤ ᠳᠠᠷᠠᠭ᠎ᠠ ᠬᠠᠷᠬᠤᠰᠤ ᠥᠭᠡᠳᠡ ᠵᠢᠭᠤᠳᠠᠨ ᠳᠤᠲᠠᠭᠠᠯ᠎ᠠ᠃ ᠴᠢᠩ ᠬᠤ᠌ ᠶ᠋ᠢᠨ ᠪᠠᠢᠭᠰᠠᠨ 13 ᠳ᠋ᠤᠭᠠᠷ ᠬᠣᠷᠢᠶ᠎ᠠ ᠨᠢ ᠵᠠᠷᠯᠢᠭ ᠢᠶᠠᠷ ᠡᠨᠡ ᠬᠦ ᠪᠦᠯᠦᠭ ᠳᠠᠢᠰᠤᠨ ᠢ ᠪᠦᠰᠡᠯᠡᠨ ᠴᠣᠬᠢᠵᠠᠢ᠃ ᠲᠡᠷᠡ ᠴᠠᠭᠳᠠᠭᠤᠯ ᠤᠨ ᠰᠠᠯᠠᠭ᠎ᠠ ᠪᠠᠨ ᠳᠠᠭᠠᠭᠤᠯᠵᠤ᠂ ᠲᠣᠭᠲᠠᠭᠰᠠᠨ ᠴᠠᠭ᠂ ᠲᠣᠭᠲᠠᠭᠰᠠᠨ ᠭᠠᠵᠠᠷ ᠲᠤ ᠳᠠᠢᠰᠤᠨ ᠢ ᠪᠦᠰᠡᠯᠡᠬᠦ ᠡᠭᠦᠷᠭᠡ ᠪᠡᠨ ᠭᠦᠢᠴᠡᠳᠭᠡᠵᠦ᠂ ᠡᠷᠬᠢᠨ ᠲᠣᠭᠤᠷᠢᠨ ᠠᠷᠠᠢ ᠬᠣᠶᠠᠷ ᠭᠠᠵᠠᠷ ᠦᠭᠡᠢ ᠡᠯᠡᠰᠦᠨ ᠳᠣᠪᠤᠴᠠᠭ ᠳᠣᠲᠤᠷ᠎ᠠ ᠳᠠᠢᠰᠤᠨ ᠢ ᠪᠦᠰᠡᠯᠡᠭᠡᠳ ᠬᠠᠷᠬᠤᠰᠤ ᠶᠢᠨ ᠪᠦᠰᠡᠯᠡᠨ ᠤᠰᠠᠳᠭᠠᠬᠤ ᠲᠤᠯᠤᠯᠳᠤᠭᠠᠨ ᠤ ᠢᠯᠠᠯᠲᠠ ᠶᠢ ᠲᠡᠮᠡᠴᠡᠨ ᠣᠯᠬᠤ ᠳᠤ ᠨᠥᠬᠦᠴᠡᠯ ᠪᠦᠷᠢᠯᠳᠦᠭᠦᠯᠦᠨ ᠥᠭᠴᠡᠢ᠃ ᠲᠤᠯᠤᠯᠳᠤᠭᠠᠨ ᠡᠬᠢᠯᠡᠭᠰᠡᠨ ᠦ ᠳᠠᠷᠠᠭ᠎ᠠ ᠲᠡᠷᠡ ᠣᠯᠠᠨ ᠤ ᠡᠮᠦᠨ᠎ᠡ ᠲᠡᠷᠢᠭᠦᠯᠡᠵᠦ᠂ ᠰᠡᠯᠡᠮ᠎ᠡ ᠳᠠᠯᠠᠢᠵᠤ ᠬᠦᠯᠦᠭ ᠬᠡᠢᠰᠭᠡᠨ ᠳᠠᠢᠰᠤᠨ ᠤ ᠳᠤᠮᠳᠠ ᠳᠠᠭᠠᠷᠢᠨ ᠣᠷᠤᠵᠤ ᠭᠠᠭᠴᠠ ᠪᠡᠶ᠎ᠡ ᠪᠡᠷ ᠬᠡᠳᠦᠨ ᠳᠠᠢᠰᠤᠨ ᠢ ᠴᠠᠪᠴᠢᠨ ᠤᠨᠠᠭᠠᠪᠠ᠃ ᠬᠤᠷᠴᠠ ᠰᠢᠷᠦᠭᠦᠨ ᠲᠤᠯᠤᠯᠳᠤᠭᠠᠨ ᠤ ᠳᠤᠮᠳᠠ᠂ ᠬᠦᠨᠳᠦ ᠰᠢᠷᠬ᠎ᠠ ᠣᠯᠣᠭᠰᠠᠨ ᠪᠣᠯᠪᠠᠴᠤ ᠲᠡᠷᠡ ᠶᠡᠷᠦ ᠨᠢ ᠭᠠᠯ ᠹᠷᠣᠨᠲ᠋ ᠠ᠋ᠴᠠ ᠪᠠᠭᠤᠯ ᠦᠭᠡᠢ ᠭᠠᠪᠰᠢᠭᠠᠢᠯᠠᠨ ᠪᠠᠢᠯᠳᠤᠵᠤ ᠪᠠᠢᠯᠳᠤᠭᠠᠨ ᠤ ᠶᠡᠬᠡ ᠭᠠᠪᠢᠶ᠎ᠠ ᠪᠠᠢᠭᠤᠯᠪᠠ᠃ 1950 ᠣᠨ ᠤ 8 ᠰᠠᠷ᠎ᠠ ᠳᠤ ᠲᠡᠷᠡ᠂ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠴᠢᠭᠤᠯᠤᠯᠲᠤ ᠬᠠᠭᠠᠯᠭ᠎ᠠ ᠳᠤ ᠬᠤᠷᠠᠯᠳᠤᠭᠤᠯᠤᠭᠰᠠᠨ ᠠᠩᠬᠠᠳᠤᠭᠠᠷ ᠬᠤᠭᠤᠴᠠᠭᠠᠨ ᠤ ᠪᠠᠢᠯᠳᠤᠭᠠᠨ ᠤ ᠪᠠᠭᠠᠲᠤᠷ ᠬᠥᠳᠡᠯᠮᠦᠷᠢ ᠶᠢᠨ ᠵᠢᠱ᠌ᠢᠶᠡᠴᠢᠳ ᠦ᠋ᠨ ᠲᠥᠯᠦᠭᠡᠯᠡᠭᠴᠢᠳ ᠦ᠋ᠨ ᠶᠡᠬᠡ ᠬᠤᠷᠠᠯ ᠳᠤ ᠣᠷᠤᠯᠴᠠᠵᠤ ᠭᠤᠷᠪᠠᠳᠤᠭᠠᠷ ᠲᠠᠰ ᠤᠨ ᠪᠠᠢᠯᠳᠤᠭᠠᠨ ᠤ ᠪᠠᠭᠠᠲᠤᠷ ᠤᠨ ᠴᠣᠯᠠ ᠣᠯᠵᠠᠢ᠃