ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠧᠸᠠᠩᠷᠠᠪᠲᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠧᠸᠠᠩᠷᠠᠪᠲᠠᠨ ︵ ︖ ——1727︶ ᠵᠦᠩᠭᠠᠷ ᠬᠠᠭᠠᠨᠲᠤ ᠤᠯᠤᠰ ᠤᠨ ᠲᠤᠯᠭᠤᠷ ᠲᠥᠷᠦ ᠶᠢ ᠨᠡᠭᠡᠭᠡᠭᠰᠡᠨ ᠲᠦᠩᠱᠤᠸᠠᠢ᠂ ᠰᠡᠩᠭᠡ ᠶᠢᠨ ᠠᠬᠠᠮᠠᠳ ᠬᠥᠪᠡᠭᠦᠨ᠃ ᠪᠣᠱᠤᠭᠲᠤ ᠬᠠᠭᠠᠨ ᠲᠡᠭᠦᠨ ᠳᠦ ᠪᠣᠷᠤᠲᠠᠯ᠎ᠠ ᠶ᠋ᠢ ᠡᠵᠡᠮᠰᠢᠯ ᠦᠨ ᠨᠤᠲᠤᠭ ᠢᠶᠠᠷ ᠰᠣᠶᠤᠷᠬᠠᠨ ᠥᠭᠴᠦ ᠬᠠᠮᠢᠯ᠂ ᠲᠦᠷᠫᠡᠨ ᠬᠣᠶᠠᠷ ᠬᠣᠲᠠ ᠶᠢ ᠵᠠᠬᠢᠷᠤᠭᠤᠯᠵᠠᠢ᠃ ᠴᠢᠩ ᠤᠯᠤᠰ ᠤᠨ ᠡᠩᠬᠡ ᠠᠮᠤᠭᠤᠯᠠᠩ ᠤᠨ ᠬᠣᠷᠢᠨ ᠳᠣᠯᠤᠳᠤᠭᠠᠷ ᠣᠨ ︵ 1688︶ ᠳᠤ ᠪᠣᠱᠤᠭᠲᠤ ᠬᠠᠭᠠᠨ ᠵᠡᠭᠦᠨᠰᠢ ᠬᠠᠯᠬ᠎ᠠ ᠤᠷᠤᠭᠤ ᠴᠡᠷᠢᠭᠯᠡᠵᠦ ᠬᠣᠪᠳᠤ ᠶ᠋ᠢ ᠥᠪᠡᠷ ᠦ᠋ᠨ ᠲᠣᠮᠤ ᠬᠣᠷᠤᠭ᠎ᠠ ᠪᠣᠯᠤᠨ ᠴᠡᠷᠢᠭ ᠲᠡᠢᠨ ᠦ ᠶᠡᠷᠦᠩᠬᠡᠢ ᠥᠷᠲᠡᠭᠡ ᠪᠣᠯᠭᠠᠨ ᠬᠤᠷᠴᠠ ᠱᠠᠯᠠᠮᠠᠭᠠᠢ ᠬᠦᠴᠦᠷᠬᠡᠭ ᠬᠦᠴᠦᠨ ᠲᠡᠢ ᠠᠴᠢ ᠬᠥᠪᠡᠭᠦᠨ ᠴᠧᠸᠠᠩᠷᠠᠪᠲᠠᠨ ᠢᠶᠠᠷ ᠪᠦᠬᠦᠢᠯᠡ ᠬᠣᠪᠳᠤ ᠣᠷᠤᠨ ᠤ᠋ ᠬᠡᠷᠡᠭ ᠤᠴᠢᠷ ᠢ ᠬᠠᠮᠢᠶᠠᠷᠤᠭᠤᠯᠤᠨ ᠵᠦᠩᠭᠠᠷ ᠤᠨ ᠠᠷᠤ ᠲᠠᠯ᠎ᠠ ᠶᠢᠨ ᠵᠠᠰᠠᠭ ᠲᠥᠷᠦ ᠶᠢᠨ ᠠᠵᠢᠯ ᠢ ᠬᠠᠷᠢᠭᠤᠴᠠᠭᠤᠯᠵᠤ ᠠᠷᠤ ᠲᠠᠯ᠎ᠠ ᠶᠢᠨ ᠡᠯ᠎ᠡ ᠠᠢᠮᠠᠭ ᠢ ᠠᠯᠤᠰ ᠠᠴᠠ ᠡᠵᠡᠮᠳᠡᠬᠦ ᠪᠠ ᠬᠢᠨᠠᠨ ᠪᠠᠢᠴᠠᠭᠠᠯᠭᠠᠬᠤ ᠠᠵᠢᠯ ᠢ ᠬᠢᠯᠭᠡᠵᠡᠢ᠃ ᠲᠤᠬᠠᠶ ᠤ᠋ᠨ ᠵᠢᠯ ᠳᠦ ᠬᠣᠶᠠᠷ ᠰᠦᠯᠲᠡᠨ ᠨᠢ ᠪᠣᠱᠤᠭᠲᠤ ᠬᠠᠭᠠᠨ ᠵᠡᠭᠦᠨᠰᠢ ᠳᠠᠢᠯᠠᠵᠤ᠂ ᠠᠷᠤ ᠲᠠᠯ᠎ᠠ ᠨᠢ ᠬᠣᠭᠤᠰᠤᠨ ᠪᠠᠢᠭ᠎ᠠ ᠶᠢ ᠳᠠᠯᠢᠮᠳᠠᠭᠤᠯᠤᠨ ᠣᠯᠠᠨ ᠢᠶᠠᠨ ᠳᠠᠭᠠᠭᠤᠯᠵᠤ ᠤᠷᠪᠠᠯᠭ᠎ᠠ ᠭᠠᠷᠭᠠᠨ ᠪᠠᠭ᠎ᠠ ᠬᠦᠷᠢᠶ᠎ᠡ ᠳᠡᠬᠢ ᠯᠠᠮᠠ ᠨᠠᠷ ᠤᠨ ᠰᠠᠭᠤᠭ᠎ᠠ ᠭᠠᠵᠠᠷ ᠢ ᠲᠣᠨᠤᠵᠤ ᠳᠡᠭᠡᠷᠡᠮᠳᠡᠭᠰᠡᠨ ᠶᠤᠮ᠃ ᠡᠨᠡ ᠬᠦ ᠴᠢᠮᠡᠭᠡ ᠬᠣᠪᠳᠤ ᠳ᠋ᠤ᠌ ᠤᠯᠠᠮᠵᠢᠯᠠᠭᠳᠠᠭᠰᠠᠨ ᠳᠤ ᠴᠧᠸᠠᠩᠷᠠᠪᠲᠠᠨ ᠲᠡᠷᠡ ᠳᠣᠣᠷ᠎ᠠ ᠪᠠᠨ ᠴᠡᠷᠢᠭ ᠳᠠᠢᠴᠢᠯᠠᠨ ᠣᠴᠢᠵᠤ ᠳᠠᠢᠰᠤᠨ ᠢ ᠳᠠᠷᠤᠩᠭᠤᠢᠯᠠᠭᠠᠳ᠂ ᠬᠡᠷᠡᠭ ᠤᠴᠢᠷ ᠢ ᠣᠭᠴᠤ ᠲᠠᠰᠤ ᠰᠢᠢᠳᠪᠦᠷᠢᠯᠡᠬᠦ ᠡᠷᠳᠡᠮ ᠴᠢᠳᠠᠪᠤᠷᠢ ᠡᠷᠡᠮᠡᠬᠡᠢ ᠵᠣᠷᠢᠭ ᠢᠶᠠᠨ ᠢᠯᠡᠷᠡᠭᠦᠯᠦᠨ ᠨᠡᠷ᠎ᠡ ᠰᠦᠷ ᠨᠢ ᠨᠡᠢᠳᠡᠮ ᠮᠠᠨᠳᠤᠵᠠᠢ᠃ ᠴᠧᠸᠠᠩᠷᠠᠪᠲᠠᠨ ᠤ ᠴᠢᠳᠠᠯ ᠬᠦᠴᠦᠨ ᠡᠳᠦᠷ ᠢᠷᠡᠬᠦᠶ᠎ᠡ ᠴᠢᠩᠭᠠᠷᠠᠵᠤ ᠪᠤᠵᠠᠭᠠᠢᠷᠠᠬᠤ ᠶᠢ ᠳᠠᠭᠠᠯᠳᠤᠨ ᠪᠣᠱᠤᠭᠲᠤ ᠬᠠᠭᠠᠨ ᠯᠤᠭ᠎ᠠ ᠶᠢᠨ ᠵᠥᠷᠢᠴᠡᠯ ᠮᠥᠷᠭᠦᠯᠳᠦᠭᠡᠨ ᠤᠯᠠᠮ ᠢᠶᠠᠷ ᠶᠡᠬᠡᠳᠪᠡ᠃ ᠴᠢᠩ ᠤᠯᠤᠰ ᠤᠨ ᠡᠩᠬᠡ ᠠᠮᠤᠭᠤᠯᠠᠩ ᠤᠨ ᠠᠷᠪᠠᠨ ᠨᠠᠢ᠍ᠮᠠᠳᠤᠭᠠᠷ ᠣᠨ ︵ 1679 ︶ ᠳᠤ ᠪᠣᠱᠤᠭᠲᠤ ᠬᠠᠭᠠᠨ᠂ ᠠᠴᠢ ᠬᠥᠪᠡᠭᠦᠨ ᠴᠧᠸᠠᠩᠷᠠᠪᠲᠠᠨ ᠨᠢ ᠠᠯᠢ ᠡᠷᠲᠡ ᠬᠣᠱᠤᠳ ᠠᠢᠮᠠᠭ ᠤᠨ ᠭᠠᠯᠳᠠᠮ᠎ᠠ ᠶᠢᠨ ᠬᠣᠶᠠᠳᠤᠭᠠᠷ ᠬᠡᠦᠬᠡᠨ  ᠯᠦᠭᠡ ᠤᠷᠤᠭ ᠤᠨ ᠪᠣᠯᠵᠤᠭ᠎ᠠ ᠲᠠᠢ ᠪᠠᠢᠭᠰᠠᠨ ᠢ ᠥᠯᠦ ᠣᠢᠰᠢᠶᠠᠨ ᠭᠡᠷᠭᠡᠢ ᠪᠡᠨ ᠪᠣᠯᠭᠠᠵᠤ ᠪᠠᠭᠤᠯᠭᠠᠨ ᠠᠪᠤᠭᠰᠠᠨ ᠳᠤ ᠴᠧᠸᠠᠩᠷᠠᠪᠲᠠᠨ ᠲᠤᠢᠯ ᠢᠶᠠᠷ ᠳᠤᠷ᠎ᠠ ᠦᠭᠡᠢᠴᠡᠭᠰᠡᠨ ᠶᠤᠮ᠃ ᠢᠯᠠᠩᠭᠤᠶ᠎ᠠ ᠴᠧᠸᠠᠩᠷᠠᠪᠲᠠᠨ ᠤ ᠳᠡᠭᠦᠦ ᠳ᠋ᠠᠨᠽᠠᠨ ᠤᠮᠪᠦ᠋  ᠯᠦᠭᠡ ᠬᠤᠤᠪᠢᠯᠳᠤᠨ᠂ ᠡᠷᠬᠡ ᠪᠤᠯᠢᠶᠠᠨ ᠤᠷᠪᠠᠯᠭ᠎ᠠ ᠭᠠᠷᠭᠠᠬᠤ ᠭᠡᠰᠡᠨ ᠶᠠᠯ᠎ᠠ ᠲᠤᠯᠭᠠᠵᠤ ᠰᠣᠨᠣᠮᠷᠠᠪᠲᠠᠨ ᠢ ᠬᠢᠳᠤᠨ ᠠᠯᠠᠭᠰᠠᠨ ᠬᠡᠷᠡᠭ ᠨᠢ ᠴᠧᠸᠠᠩᠷᠠᠪᠲᠠᠨ ᠤ ᠡᠰᠡᠷᠭᠦᠴᠡᠯ ᠢ ᠳᠡᠭᠳᠡᠭᠡᠪᠡ᠃ ᠲᠤᠰ ᠵᠢᠯ ᠳᠦ᠂ ᠲᠡᠭᠦᠨ ᠦ ᠡᠴᠢᠭᠡ ᠰᠡᠩᠭᠡ ᠶᠢᠨ 7 ᠬᠠᠭᠤᠴᠢᠨ ᠰᠠᠢᠳ ᠴᠧᠸᠠᠩᠷᠠᠪᠲᠠᠨ ᠢ ᠲᠦᠭᠰᠢᠭᠦᠷᠢᠲᠦ ᠪᠠᠢᠳᠠᠯ ᠠᠴᠠ ᠲᠠᠲᠠᠨ ᠭᠠᠷᠭᠠᠬᠤ ᠪᠠᠷ ᠠᠮᠢ ᠪᠡᠶ᠎ᠡ ᠪᠡᠨ ᠴᠦᠯᠡᠬᠦ ᠭᠡᠵᠦ ᠢᠯᠡᠷᠬᠡᠢᠯᠡᠪᠡ᠃ ᠡᠲᠡᠭᠡᠷ 7 ᠬᠠᠭᠤᠴᠢᠨ ᠲᠦᠰᠢᠮᠡᠯ ᠦᠨ ᠬᠠᠪᠰᠤᠷᠤᠯᠭ᠎ᠠ ᠶᠢ ᠣᠯᠵᠤ ᠴᠧᠸᠠᠩᠷᠠᠪᠲᠠᠨ ᠬᠠᠭᠤᠴᠢᠨ ᠴᠡᠷᠢᠭ ᠦᠨ 5000 ᠬᠥᠮᠦᠨ ᠢ᠋ ᠪᠡᠶ᠎ᠡ ᠳᠡᠭᠡᠨ ᠲᠠᠲᠠᠵᠤ ᠬᠣᠪᠳᠤ ᠠ᠋ᠴᠠ ᠰᠠᠯᠵᠤ ᠪᠠᠷᠠᠭᠤᠨᠰᠢ ᠠᠶᠠᠯᠠᠪᠠ᠃ ᠪᠣᠱᠤᠭᠲᠤ ᠬᠠᠭᠠᠨ ᠪᠡᠶ᠎ᠡ ᠪᠡᠷ ᠢᠶᠡᠨ 000 ᠭᠠᠷᠤᠶ ᠴᠡᠷᠢᠭ ᠳᠠᠭᠠᠭᠤᠯᠤᠨ ᠬᠣᠢᠨ᠎ᠠ ᠠᠴᠠ ᠨᠢ ᠨᠡᠬᠡᠮᠵᠢᠯᠡᠨ᠂ ᠤᠯᠠᠭᠠᠨ ᠤᠰᠤᠨ ᠳᠤ ᠬᠦᠷᠦᠭᠡᠳ ᠬᠥᠮᠦᠨ ᠲᠣᠮᠢᠯᠠᠨ ᠢᠯᠪᠢᠨ ᠳᠠᠭᠠᠭᠤᠯᠬᠤ ᠭᠡᠰᠡᠨ ᠪᠣᠯᠪᠠᠴᠤ ᠬᠡᠷᠡᠭ ᠪᠦᠲᠦᠭᠡ ᠦᠭᠡᠢ ᠴᠧᠸᠠᠩᠷᠠᠪᠲᠠᠨ ᠴᠡᠷᠢᠭ ᠢᠶᠡᠨ ᠳᠠᠢᠴᠢᠯᠠᠨ ᠬᠡᠳᠡᠷᠬᠦ ᠴᠣᠬᠢᠭᠰᠠᠨ ᠳᠤ ᠪᠣᠱᠤᠭᠲᠤ ᠬᠠᠭᠠᠨ ᠲᠤᠯᠵᠤ ᠳᠡᠢᠯᠦᠭᠡ ᠦᠭᠡᠢ ᠴᠡᠷᠢᠭ ᠢᠶᠡᠨ ᠲᠠᠲᠠᠵᠤ ᠬᠣᠪᠳᠤ ᠳ᠋ᠤ᠌ ᠪᠤᠴᠠᠨ ᠢᠷᠡᠵᠡᠢ᠃ ᠴᠧᠸᠠᠩᠷᠠᠪᠲᠠᠨ ᠲᠦᠷᠫᠡᠨ ᠬᠣᠲᠠ ᠳᠤ ᠬᠦᠷᠦᠭᠡᠳ ᠴᠡᠷᠢᠭ ᠮᠣᠷᠢ ᠡᠯᠰᠡᠨ᠂ ᠬᠥᠷᠦᠩᠭᠡ ᠬᠦᠴᠦ ᠪᠡᠨ ᠪᠦᠷᠢᠳᠭᠡᠨ᠂ ᠡᠷᠢᠶᠡᠨ ᠬᠠᠪᠢᠷᠭ᠎ᠠ ᠡᠵᠡ ᠪᠣᠷᠤᠲᠠᠯ᠎ᠠ ᠳ᠋ᠤ᠌ ᠬᠦᠷᠦᠭᠡᠳ ᠠᠯᠲᠠᠢ ᠠᠴᠠ ᠪᠠᠷᠠᠭᠤᠨᠰᠢᠬᠢ ᠵᠦᠩᠭᠠᠷ ᠨᠤᠲᠤᠭ ᠢ ᠡᠵᠡᠮᠰᠢᠯ ᠳᠡᠭᠡᠨ ᠣᠷᠤᠭᠤᠯᠵᠤ ᠪᠣᠱᠤᠭᠲᠤ ᠬᠠᠭᠠᠨ ᠤ ᠡᠮᠦᠨ᠎ᠡ ᠬᠢᠵᠠᠭᠠᠷ ᠤᠨ ᠡᠯ᠎ᠡ ᠭᠠᠵᠠᠷ ᠤᠨ ᠠᠵᠤ ᠠᠬᠤᠢ ᠶᠢᠨ ᠢᠷᠡᠯᠲᠡ ᠪᠠ ᠴᠡᠷᠢᠭ ᠦᠨ ᠢᠷᠡᠯᠲᠡ ᠶᠢᠨ ᠵᠠᠮ ᠢ ᠲᠠᠰᠤᠯᠤᠭᠰᠠᠨ ᠶᠤᠮ᠃ ᠴᠢᠩ ᠤᠯᠤᠰ ᠤᠨ ᠡᠩᠬᠡ ᠠᠮᠤᠭᠤᠯᠠᠩ ᠤᠨ ᠬᠣᠷᠢᠨ ᠨᠠᠢ᠍ᠮᠠᠳᠤᠭᠠᠷ ᠣᠨ᠂ ᠭᠤᠴᠢᠳᠤᠭᠠᠷ ᠣᠨ ︵ 1689᠂ 1691︶ ᠳᠤ ᠪᠣᠱᠤᠭᠲᠤ ᠬᠠᠭᠠᠨ ᠵᠡᠭᠦᠨᠰᠢ ᠳᠠᠢᠯᠠᠭᠰᠠᠨ ᠵᠠᠪᠰᠢᠶᠠᠨ ᠢ ᠳᠠᠯᠢᠮᠳᠠᠭᠤᠯᠤᠨ ᠴᠧᠸᠠᠩᠷᠠᠪᠲᠠᠨ ᠬᠣᠪᠳᠤ ᠣᠷᠤᠨ ᠳ᠋ᠤ᠌ ᠬᠣᠶᠠᠷ ᠤᠳᠠᠭ᠎ᠠ ᠴᠣᠬᠢᠨ ᠣᠷᠤᠵᠤ ᠦᠯᠡᠮᠵᠢ ᠠᠷᠪᠢᠨ ᠡᠳ᠋ ᠪᠣᠳᠠᠰ ᠪᠠ ᠠᠷᠤ ᠲᠠᠯ᠎ᠠ ᠶᠢ ᠰᠠᠬᠢᠭᠴᠢ ᠬᠥᠮᠦᠰ ᠢ᠋ ᠣᠯᠵᠠᠯᠠᠨ ᠡᠮᠦᠨ᠎ᠡ ᠬᠢᠵᠠᠭᠠᠷ ᠤᠨ ᠨᠤᠲᠤᠭ ᠢ ᠴᠤ ᠡᠷᠬᠡᠰᠢᠶᠡᠯ ᠳᠡᠭᠡᠨ ᠣᠷᠤᠭᠤᠯᠵᠠᠢ᠃ ᠠᠷᠪᠠᠨ ᠳᠣᠯᠤᠳᠤᠭᠠᠷ ᠵᠠᠭᠤᠨ ᠤ ᠶᠡᠷᠡᠭᠡᠳ ᠣᠨ ᠪᠣᠯᠬᠤ ᠳᠤ ᠴᠧᠸᠠᠩᠷᠠᠪᠲᠠᠨ 4 ᠲᠦᠮᠡ ᠭᠠᠷᠤᠶ ᠴᠡᠷᠢᠭ ᠮᠣᠷᠢ ᠲᠠᠢ ᠪᠣᠯᠵᠤ᠂ ᠪᠣᠱᠤᠭᠲᠤ ᠬᠠᠭᠠᠨ ᠠᠴᠠ ᠰᠡᠭᠦᠯᠡᠷᠬᠢ ᠵᠦᠩᠭᠠᠷ ᠬᠠᠭᠠᠨᠲᠤ ᠤᠯᠤᠰ ᠤᠨ ᠣᠷᠤᠰᠢᠨ ᠲᠣᠭᠲᠠᠨᠢᠬᠤ ᠪᠠ ᠬᠦᠴᠦᠷᠬᠡᠭᠵᠢᠨ ᠮᠠᠨᠳᠤᠬᠤ ᠳᠤ ᠦᠨᠳᠦᠰᠦ ᠰᠠᠭᠤᠷᠢ ᠴᠣᠭᠴᠠᠯᠠᠨ ᠥᠭᠴᠡᠢ᠃ ᠪᠣᠱᠤᠭᠲᠤ ᠬᠠᠭᠠᠨ ᠬᠠᠯᠢᠭᠰᠠᠨ ᠤ ᠳᠠᠷᠠᠭ᠎ᠠ ᠴᠧᠸᠠᠩᠷᠠᠪᠲᠠᠨ ᠵᠦᠩᠭᠠᠷ ᠨᠤᠲᠤᠭ ᠤᠨ ᠵᠢᠩᠬᠢᠨᠢ ᠨᠣᠶᠠᠷᠬᠠᠭᠴᠢ ᠪᠣᠯᠵᠤ ᠬᠠᠭᠠᠨᠲᠤ ᠲᠥᠷᠦ ᠶᠢᠨ ᠡᠷᠬᠡ ᠰᠦᠷ ᠢᠶᠡᠨ ᠪᠡᠬᠢᠵᠢᠭᠦᠯᠦᠨ ᠥᠷᠭᠡᠳᠭᠡᠵᠦ ᠴᠢᠩ ᠤᠯᠤᠰ ᠯᠤᠭ᠎ᠠ ᠡᠰᠡᠷᠭᠦᠴᠡᠯᠳᠦᠨ ᠡᠬᠢᠯᠡᠵᠡᠢ᠃ ᠴᠧᠸᠠᠩᠷᠠᠪᠲᠠᠨ ᠠᠯᠤᠰ ᠬᠣᠯᠠ ᠶᠢᠨ ᠬᠥᠬᠡᠨᠠᠭᠤᠷ ᠲᠥᠪᠡᠳ ᠢ᠋ ᠳᠠᠢᠯᠠᠵᠤ᠂ ᠬᠦᠴᠦᠨ ᠦ ᠬᠦᠷᠢᠶ᠎ᠡ ᠪᠡᠨ ᠲᠡᠯᠡᠵᠦ ᠥᠷᠭᠡᠳᠭᠡᠬᠦ ᠲᠥᠯᠦᠪᠯᠡᠭᠡ ᠪᠡᠨ ᠬᠡᠷᠡᠭᠵᠢᠭᠦᠯᠬᠦ ᠪᠡᠷ ᠶᠠᠭᠤᠨ ᠤ ᠡᠮᠦᠨ᠎ᠡ ᠠᠷᠤ ᠬᠢᠵᠠᠭᠠᠷ ᠤᠨ ᠬᠠᠷᠢᠴᠠᠭ᠎ᠠ ᠪᠠᠨ ᠰᠠᠢᠵᠢᠷᠠᠭᠤᠯᠬᠤ ᠪᠠᠷ ᠦᠷᠥᠭᠲᠦ ᠪᠠᠭᠠᠲᠤᠷ ᠲᠠᠢᠵᠢ ᠪᠠᠷ 500 ᠬᠥᠮᠦᠨ ᠳᠠᠭᠠᠭᠤᠯᠤᠨ ᠬᠠᠰᠠᠭ ᠤᠨ ᠲᠤᠭ ᠬᠠᠭᠠᠨ ᠢ ᠬᠠᠮᠠᠭᠠᠯᠠᠭᠤᠯᠤᠨ ᠬᠠᠭᠤᠴᠢᠨ ᠨᠤᠲᠤᠭ ᠲᠤᠨᠢ ᠬᠦᠷᠭᠡᠨ ᠣᠴᠢᠵᠠᠢ᠃ ᠭᠡᠲᠡᠯ᠎ᠡ ᠬᠠᠰᠠᠭ ᠤᠨ ᠲᠤᠭ ᠬᠠᠭᠠᠨ ᠦᠷᠥᠭᠲᠦ ᠪᠠᠭᠠᠲᠤᠷ ᠲᠦᠷᠦᠭᠦᠲᠡᠢ 500 ᠭᠠᠷᠤᠶ ᠬᠥᠮᠦᠨ ᠢ᠋ ᠬᠢᠳᠤᠨ ᠠᠯᠠᠵᠤ᠂ ᠵᠦᠩᠭᠠᠷ ᠤᠨ ᠬᠠᠷᠢᠶᠠᠨ ᠤ ᠤᠷᠢᠶᠠᠩᠬᠠᠢ ᠶᠢᠨ 100 ᠭᠠᠷᠤᠶ ᠬᠥᠮᠦᠨ ᠢ᠋ ᠤᠤᠯᠭᠠᠯᠠᠨ ᠣᠯᠵᠠᠯᠠᠪᠠ᠃ ᠴᠧᠸᠠᠩᠷᠠᠪᠲᠠᠨ ᠡᠭᠦᠨ ᠢ ᠰᠣᠨᠤᠰᠤᠭᠠᠳ ᠲᠤᠢᠯ ᠢᠶᠠᠷ ᠬᠢᠯᠢᠩᠯᠡᠨ ᠴᠡᠷᠢᠭ ᠦᠨ ᠬᠦᠴᠦ ᠪᠡᠷ ᠬᠠᠰᠠᠭ ᠢ ᠳᠠᠢᠯᠠᠬᠤ ᠪᠠᠷ ᠪᠣᠯᠪᠠ᠃ ᠴᠢᠩ ᠤᠯᠤᠰ ᠤᠨ ᠡᠩᠬᠡ ᠠᠮᠤᠭᠤᠯᠠᠩ ᠤᠨ ᠭᠤᠴᠢᠨ ᠵᠢᠷᠭᠤᠳᠤᠭᠠᠷ ᠣᠨ ᠠᠴᠠ ᠭᠤᠴᠢᠨ ᠶᠢᠰᠦᠳᠦᠭᠡᠷ ᠣᠨ ︵ 1697 —— 1700 ︶ ᠤ ᠬᠣᠭᠤᠷᠤᠨᠳᠤ ᠴᠧᠸᠠᠩᠷᠠᠪᠲᠠᠨ ᠴᠡᠷᠢᠭ ᠳᠠᠢᠴᠢᠯᠠᠨ ᠬᠠᠰᠠᠭ ᠤᠨ ᠨᠤᠲᠤᠭ ᠲᠤ ᠴᠥᠮᠦᠷᠡᠨ ᠣᠷᠤᠵᠤ ᠰᠠᠢᠷᠠᠮ᠂ ᠲᠠᠰᠢᠭᠠᠨ᠂ ᠠᠨ ᠵᠢᠢ ᠶᠠᠨ ᠵᠡᠷᠭᠡ ᠥᠷᠭᠡᠨ ᠠᠭᠤᠳᠠᠮ ᠨᠤᠲᠤᠭ ᠳᠡᠪᠢᠰᠭᠡᠷ ᠢ᠋ ᠡᠵᠡᠯᠡᠵᠦ ᠬᠠᠰᠠᠭ ᠤᠨ ᠲᠦᠷᠦᠭᠦᠦ ᠶᠢ ᠴᠧᠸᠠᠩᠷᠠᠪᠲᠠᠨ ᠡᠪᠦᠳᠦᠭ ᠦᠨ ᠳᠣᠣᠷ᠎ᠠ ᠪᠠᠨ ᠲᠣᠯᠤᠭᠠᠢ ᠪᠦᠬᠦᠢᠯᠭᠡᠪᠡ᠃ ᠴᠧᠸᠠᠩᠷᠠᠪᠲᠠᠨ᠂ ᠭᠠᠯᠳᠠᠨ ᠪᠣᠱᠤᠭᠲᠤ ᠶᠢᠨ ᠢᠯᠠᠭᠳᠠᠯ ᠠᠴᠠ ᠰᠤᠷᠭᠠᠮᠵᠢ ᠠᠪᠴᠤ ᠴᠢᠩ ᠤᠯᠤᠰ ᠯᠤᠭ᠎ᠠ ᠨᠢᠭᠤᠷᠲᠠᠨ ᠲᠡᠮᠡᠴᠡᠭᠡ ᠦᠭᠡᠢ ᠬᠠᠷᠢᠨ ᠲᠥᠪᠡᠳ ᠢ᠋ ᠪᠤᠯᠢᠶᠠᠨ ᠡᠵᠡᠯᠡᠵᠦ ᠬᠥᠬᠡᠨᠠᠭᠤᠷ ᠢ᠋ ᠡᠵᠡᠮᠰᠢᠯ ᠳᠡᠭᠡᠨ ᠣᠷᠤᠭᠤᠯᠤᠨ ᠳᠠᠯᠠᠢ ᠯᠠᠮᠠ ᠶᠢ ᠠᠰᠢᠭᠯᠠ ᠮᠣᠩᠭᠤᠯ ᠢ᠋ ᠳᠠᠭᠠᠭᠤᠯᠬᠤ ᠠᠷᠭ᠎ᠠ ᠪᠣᠳᠤᠯᠭ᠎ᠠ ᠶ᠋ᠢ ᠠᠪᠤᠭᠰᠠᠨ ᠶᠤᠮ᠃ ᠲᠡᠷᠡ ᠦᠶ᠎ᠡ ᠳᠦ ᠲᠥᠪᠡᠳ ᠦ᠋ᠨ ᠭᠤᠷᠪᠠᠨ ᠶᠡᠬᠡ ᠬᠡᠢᠳ ᠦᠨ ᠯᠠᠮᠠ ᠨᠠᠷ ᠪᠠᠰᠠ ᠡᠷᠢᠯ ᠬᠦᠰᠡᠯ ᠢᠶᠡᠨ ᠵᠦᠩᠭᠠᠷ ᠤᠨ ᠴᠧᠸᠠᠩᠷᠠᠪᠲᠠᠨ ᠬᠠᠭᠠᠨ ᠳᠤ ᠨᠠᠢᠳᠠᠵᠤ ᠪᠠᠢᠵᠠᠢ᠃ ᠳᠣᠯᠤᠳᠤᠭᠠᠷ ᠳᠦᠷᠢ ᠶᠢᠨ ᠳᠠᠯᠠᠢ ᠯᠠᠮᠠ ᠭᠠᠯᠰᠠᠩᠵᠠᠮᠰᠤ ᠮᠡᠨᠳᠦᠯᠡᠭᠰᠡᠨ ᠦ ᠳᠠᠷᠠᠭ᠎ᠠ᠂ ᠲᠥᠪᠡᠳ ᠦ᠋ᠨ ᠭᠤᠷᠪᠠᠨ ᠶᠡᠬᠡ ᠬᠡᠢᠳ ᠦᠨ ᠬᠤᠪᠢᠯᠭᠠᠨ ᠬᠤᠲᠤᠭᠲᠤ ᠨᠠᠷ ᠰᠠᠩᠵᠠᠢᠵᠠᠮᠰᠤ ᠪᠠᠷ ᠳᠠᠮᠵᠢᠨ ᠴᠧᠸᠠᠩᠷᠠᠪᠲᠠᠨ ᠠᠴᠠ ᠲᠤᠰᠠᠯᠠᠮᠵᠢ ᠭᠤᠶᠤᠵᠤ᠂ ᠲᠡᠭᠦᠨ ᠢᠶᠡᠷ ᠴᠡᠷᠢᠭ ᠭᠠᠷᠭᠠᠯᠭᠠᠨ ᠭᠠᠯᠰᠠᠩᠵᠠᠮᠰᠤ ᠶᠢ ᠰᠢᠷᠡᠭᠡᠨ ᠳᠦ ᠰᠠᠭᠤᠯᠭᠠᠬᠤ ᠭᠡᠵᠡᠢ᠃ ᠡᠭᠦᠨ ᠳᠦ ᠴᠧᠸᠠᠩᠷᠠᠪᠲᠠᠨ ᠲᠥᠪᠡᠳ ᠥᠭᠡᠳᠡ ᠴᠡᠷᠢᠭᠯᠡᠪᠡ᠃ ᠭᠡᠪᠡᠴᠦ ᠬᠥᠬᠡᠨᠠᠭᠤᠷ ᠲᠤ᠌ ᠨᠡᠪᠲᠡᠷᠡᠬᠦ ᠪᠠᠭᠠᠯᠵᠠᠭᠤᠷ ᠵᠠᠮ ᠴᠥᠮ ᠴᠢᠩ ᠤᠯᠤᠰ ᠲᠤ ᠪᠢᠲᠡᠭᠦᠮᠵᠢᠯᠡᠭᠳᠡᠭᠰᠡᠨ ᠲᠤᠯᠠ ᠴᠧᠸᠠᠩᠷᠠᠪᠲᠠᠨ ᠶᠡᠬᠡ ᠴᠧᠷᠡᠩᠳᠣᠨᠳᠤᠪ ᠢ᠋ᠶ᠋ᠠᠷ ᠲᠦᠩᠱᠤᠸᠠᠢᠯᠠᠭᠤᠯᠤᠨ᠂ 6000 ᠭᠠᠷᠤᠶ ᠬᠥᠮᠦᠨ ᠢ᠋ ᠳᠠᠢᠴᠢᠯᠠᠭᠤᠯᠵᠤ ᠴᠢᠩ ᠣ ᠤᠯᠤᠰ ᠤᠨ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠣᠨ ︵ 1716︶ ᠤ ᠠᠷᠪᠠᠳᠤᠭᠠᠷ ᠰᠠᠷ᠎ᠠ ᠳᠤ ᠢᠯᠢ  ᠡᠴᠡ ᠮᠣᠷᠳᠠᠨ ᠬᠥᠮᠦᠨ ᠠᠮᠢᠲᠠᠨ ᠤ ᠮᠥᠷ ᠰᠡᠭᠦᠳᠡᠷ ᠠᠯᠠᠭ᠎ᠠ ᠮᠥᠩᠬᠡ ᠴᠠᠰᠤᠲᠤ ᠠᠭᠤᠯᠠ ᠶᠢ ᠳᠠᠪᠠᠵᠤ᠂ ᠲᠠᠮᠤ ᠶᠢᠨ ᠲᠠᠯ᠎ᠠ ᠳᠤ ᠣᠷᠤᠵᠤ ᡀᠠᠵᠢᠨ ᠬᠠᠭᠠᠨ ᠤ ᠬᠥᠪᠡᠭᠦᠨ ᠰᠤᠷᠵᠠ ᠶᠢᠨ ᠳᠠᠭᠠᠭᠤᠯᠤᠭᠰᠠᠨ ᠴᠡᠷᠢᠭ ᠢ ᠳᠠᠷᠤᠨ ᠴᠣᠬᠢᠵᠤ ᠲᠥᠪᠡᠳ ᠦ᠋ᠨ ᠴᠡᠷᠢᠭ ᠢ ᠦᠷᠭᠦᠯᠵᠢᠯᠡᠨ ᠳᠠᠭᠠᠷᠢᠭᠠᠳ ᠲᠥᠪᠡᠳ ᠦ᠋ᠨ ᠭᠤᠷᠪᠠᠨ ᠶᠡᠬᠡ ᠬᠡᠢᠳ ᠦᠨ ᠯᠠᠮᠠ ᠨᠠᠷ ᠤᠨ ᠬᠠᠮᠵᠢᠯᠴᠠᠭ᠎ᠠ ᠪᠠᠷ ᠮᠠᠰᠢ ᠲᠦᠷᠭᠡᠨ ᠢᠶᠡᠷ ᡀᠠᠰᠠ ᠶᠢ ᠡᠵᠡᠯᠡᠵᠦ ᠲᠣᠮᠤ ᠢᠵᠠᠭᠤᠷᠲᠠᠨ ᠳ᠋ᠠᠨᠽᠠᠨ ᠢᠶᠠᠷ ᠲᠥᠪ ᠪᠣᠯᠭᠠᠵᠤ ᠲᠥᠪᠡᠳ ᠦ᠋ᠨ ᠵᠠᠰᠠᠭ ᠲᠥᠷᠦ ᠶᠢᠨ ᠬᠡᠷᠡᠭ ᠢ ᠵᠠᠬᠢᠷᠤᠭᠤᠯᠤᠭᠰᠠᠨ ᠶᠤᠮ᠃ ᠡᠭᠦᠨ ᠳᠦ ᠡᠩᠬᠡ ᠠᠮᠤᠭᠤᠯᠠᠩ ᠬᠠᠭᠠᠨ ᠡᠯᠴᠢ ᠲᠣᠮᠢᠯᠠᠨ ᠢᠯᠪᠢᠨ ᠳᠠᠭᠠᠭᠤᠯᠬᠤ ᠭᠡᠰᠡᠨ ᠪᠠ ᠴᠡᠷᠢᠭ ᠲᠡᠢᠨ ᠦ ᠰᠦᠷᠳᠡᠭᠦᠯᠦᠯ ᠦᠵᠡᠭᠦᠯᠬᠦ ᠭᠡᠳ ᠪᠦᠷ ᠴᠧᠸᠠᠩᠷᠠᠪᠲᠠᠨ ᠢ ᠨᠣᠮᠤᠬᠠᠳᠭᠠᠨ ᠴᠢᠳᠠᠭ᠎ᠠ ᠦᠭᠡᠢ᠃ ᠴᠢᠩ ᠤᠯᠤᠰ ᠤᠨ ᠡᠩᠬᠡ ᠠᠮᠤᠭᠤᠯᠠᠩ ᠤᠨ ᠲᠠᠪᠢᠨ ᠵᠢᠷᠭᠤᠳᠤᠭᠠᠷ ᠣᠨ ︵ 1717 ︶ ᠳᠤ ᠴᠢᠩ ᠤᠯᠤᠰ ᠤᠨ ᠴᠡᠷᠢᠭ ᠬᠡᠳᠦᠨ ᠵᠠᠮ ᠢᠶᠠᠷ ᠦᠷᠦᠮᠴᠢ᠂ ᠤᠯᠠᠭᠠᠨ ᠤᠰᠤ᠂ ᠪᠣᠷᠤ —— ᠪᠤᠷᠭᠠᠰᠤᠲᠠᠢ ᠵᠡᠷᠭᠡ ᠭᠠᠵᠠᠷ ᠤᠳ ᠢ ᠴᠣᠬᠢᠭᠰᠠᠨ ᠪᠣᠯᠪᠠᠴᠤ ᠳᠡᠮᠡᠢ ᠪᠦᠲᠦᠮᠵᠢ ᠣᠯᠣᠭᠰᠠᠨ ᠦᠭᠡᠢ ᠶᠤᠮ᠃ ᠴᠧᠸᠠᠩᠷᠠᠪᠲᠠᠨ ᠵᠢᠪᠽᠤᠨᠳᠠᠮᠪᠠ ᠬᠤᠲᠤᠭᠲᠤ ᠶᠢᠨ ᠡᠯᠴᠢ ᠪᠡᠷ ᠡᠩᠬᠡ ᠠᠮᠤᠭᠤᠯᠠᠩ ᠬᠠᠭᠠᠨ ᠳᠤ ᠦᠭᠡ ᠪᠣᠯᠵᠤ ᠴᠡᠷᠢᠭ ᠢᠶᠡᠨ ᠲᠠᠲᠠᠬᠤ ᠪᠠᠷ ᠢᠯᠡᠷᠬᠡᠢᠯᠡᠪᠡ᠃ ᠢᠷᠡᠬᠦ ᠵᠢᠯ ᠦᠨ ᠬᠢᠨᠢ ᠨᠠᠢ᠍ᠮᠠᠳᠤᠭᠠᠷ ᠰᠠᠷ᠎ᠠ ᠳᠤᠨᠢ ᠴᠢᠩ ᠤᠯᠤᠰ  ᠤᠨ ᠴᠡᠷᠢᠭ ᠠᠩᠬᠠᠳᠠᠭᠴᠢ ᠤᠳᠠᠭ᠎ᠠ ᠲᠥᠪᠡᠳ ᠥᠭᠡᠳᠡ ᠴᠡᠷᠢᠭᠯᠡᠨ ᠬᠠᠷᠬᠤᠰᠤ ᠳᠤ ᠬᠠᠮᠤᠭ ᠴᠡᠷᠢᠭ ᠨᠢ ᠬᠣᠬᠢᠷᠠᠭᠰᠠᠨ ᠲᠤᠯᠠ ᠡᠩᠬᠡ ᠠᠮᠤᠭᠤᠯᠠᠩ ᠬᠠᠭᠠᠨ ᠠᠷᠭ᠎ᠠ ᠪᠤᠰᠤ ᠭᠣᠣᠯ ᠬᠦᠴᠦ ᠪᠡᠨ ᠲᠥᠪᠡᠳ ᠵᠦᠭ ᠬᠠᠨᠳᠤᠭᠤᠯᠵᠤ ᠪᠡᠷᠭᠦᠯ ᠪᠣᠯᠤᠨ ᠠᠯᠲᠠᠢ ᠶᠢᠨ ᠴᠡᠷᠢᠭ ᠢᠶᠡᠨ ᠵᠠᠷᠯᠢᠭᠳᠠᠨ ᠲᠦᠷ ᠴᠠᠭ ᠵᠦᠩᠭᠠᠷ ᠲᠤ ᠬᠠᠯᠳᠠᠬᠤ ᠪᠠᠨ ᠵᠣᠭᠰᠤᠭᠠᠵᠠᠢ᠃ ᠴᠢᠩ ᠤᠯᠤᠰ ᠤᠨ ᠡᠩᠬᠡ ᠠᠮᠤᠭᠤᠯᠠᠩ ᠤᠨ ᠲᠠᠪᠢ ᠶᠢᠰᠦᠳᠦᠭᠡᠷ ᠣᠨ︵1720︶ ᠤ ᠳᠣᠯᠤᠳᠤᠭᠠᠷ ᠰᠠᠷ᠎ᠠ ᠳᠤ ᠴᠢᠩ ᠤᠯᠤᠰ ᠤᠨ ᠴᠡᠷᠢᠭ ᠦᠷᠦᠮᠴᠢ᠂ ᠲᠦᠷᠫᠡᠨ ᠢ ᠲᠤᠰ ᠲᠤᠰ ᠲᠤᠨᠢ ᠳᠠᠭᠠᠷᠢᠭᠰᠠᠨ ᠳᠤ ᠴᠡᠭᠡᠷᠲᠦ ᠲᠠᠢᠵᠢ ᠴᠥᠭᠡᠨ ᠢ᠋ᠶ᠋ᠡᠷ ᠣᠯᠠᠨ ᠢ ᠳᠡᠢᠯᠬᠦ ᠳᠦ ᠪᠡᠷᠬᠡ ᠪᠣᠯᠵᠤ ᠬᠣᠢᠰᠢ ᠤᠬᠤᠷᠢᠪᠠ᠃ ᠲᠦᠷᠫᠡᠨ ᠳᠦ ᠰᠠᠭᠤᠭ᠎ᠠ ᠵᠦᠩᠭᠠᠷ ᠤᠨ ᠴᠡᠷᠢᠭ ᠨᠢ ᠬᠦᠴᠦᠨ ᠮᠡᠬᠦᠰᠳᠡᠭᠰᠡᠨ ᠲᠤᠯᠠ ᠠᠷᠭ᠎ᠠ ᠶᠠᠳᠠᠨ ᠪᠠᠭᠤᠨ ᠥᠭᠴᠡᠢ᠃ ᠵᠢᠷᠭᠤᠳᠤᠭᠠᠷ ᠰᠠᠷ᠎ᠠ ᠶᠢᠨ ᠠᠷᠪᠠᠨ ᠵᠢᠷᠭᠤᠭᠠᠨ ᠤ ᠡᠳᠦᠷ ᠡᠴᠡ ᠡᠬᠢᠯᠡᠨ ᠠᠷᠤ ᠵᠠᠮ ᠤᠨ ᠠᠯᠲᠠᠢ ᠶᠢᠨ ᠴᠡᠷᠢᠭ ᠨᠢ ᠪᠠᠰᠠ ᠬᠣᠶᠠᠷ ᠵᠠᠮ ᠬᠤᠪᠢᠶᠠᠨ ᠵᠦᠩᠭᠠᠷ ᠢ ᠳᠣᠪᠲᠤᠯᠤᠭᠰᠠᠨ ᠳ᠋ᠤ᠌ ᠵᠦᠩᠭᠠᠷ ᠤᠨ ᠴᠡᠷᠢᠭ ᠳᠡᠢᠯᠦᠭᠳᠡᠭᠡᠳ ᠮᠥᠨ ᠪᠠᠭᠤᠨ ᠥᠭᠴᠡᠢ᠃ ᠡᠨᠡ ᠬᠦ ᠬᠤᠭᠤᠴᠠᠭᠠᠨ ᠳᠤ ᠵᠦᠩᠭᠠᠷ ᠪᠣᠯᠤᠨ ᠣᠷᠤᠰ ᠤ᠋ᠨ ᠬᠠᠷᠢᠴᠠᠭ᠎ᠠ ᠮᠥᠨ ᠬᠡᠴᠡᠭᠦᠳᠡᠵᠦ ᠪᠠᠢᠪᠠ᠃ ᠴᠧᠸᠠᠩᠷᠠᠪᠲᠠᠨ ᠲᠥᠪᠡᠳ ᠦ᠋ᠨ ᠬᠡᠷᠡᠭ ᠪᠠ ᠵᠡᠭᠦᠨ ᠡᠮᠦᠨᠡᠲᠦ ᠬᠢᠯᠢ ᠶᠢᠨ ᠬᠡᠷᠡᠭ ᠢ ᠪᠣᠳᠤᠯᠬᠢᠯᠠᠬᠤ ᠶᠢᠨ ᠵᠠᠪ ᠴᠢᠯᠥᠭᠡ ᠦᠭᠡᠢ ᠪᠣᠯᠵᠤ ᠭᠣᠣᠯ ᠬᠦᠴᠦ ᠪᠡᠨ ᠵᠠᠢᠰᠠᠩ ᠨᠠᠭᠤᠷ ᠠᠴᠠ ᠶᠠᠷ ᠤᠨ ᠡᠰᠢᠷ ᠨᠠᠭᠤᠷ ᠬᠦᠷᠲᠡᠯᠡᠬᠢ ᠭᠠᠵᠠᠷ ᠨᠤᠲᠤᠭ ᠳᠡᠭᠡᠷ᠎ᠡ ᠲᠠᠯᠪᠢᠭᠰᠠᠨ ᠶᠤᠮ᠃ ᠴᠢᠩ ᠤᠯᠤᠰ ᠤᠨ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠣᠨ ︵ 1716 ︶ ᠤ ᠬᠣᠶᠠᠳᠤᠭᠠᠷ ᠰᠠᠷ᠎ᠠ ᠳᠤ᠂ ᠴᠧᠸᠠᠩᠷᠠᠪᠲᠠᠨ ᠪᠠᠭ᠎ᠠ ᠴᠧᠷᠡᠩᠳᠣᠨᠳᠤᠪ ᠢ᠋ᠶ᠋ᠠᠷ ᠲᠦᠮᠡ ᠰᠢᠬᠠᠮ ᠴᠡᠷᠢᠭ ᠳᠠᠭᠠᠭᠤᠯᠤᠨ᠂ ᠠᠯᠲᠠ ᠮᠥᠩᠭᠦ ᠵᠡᠰ ᠦᠨ ᠠᠭᠤᠷᠬᠠᠢ ᠶᠢ ᠬᠠᠢᠨ ᠰᠢᠨᠵᠢᠯᠡᠬᠦ ᠪᠡᠷ ᠨᠡᠷ᠎ᠡ ᠪᠣᠯᠭᠠᠨ ᠶᠠᠷ ᠤᠨ ᠡᠰᠢᠷ ᠨᠠᠭᠤᠷ ᠤᠨ ᠬᠠᠪᠢ ᠰᠠᠭᠤᠭ᠎ᠠ ᠣᠷᠤᠰ ᠴᠡᠷᠢᠭ ᠢ ᠪᠣᠳᠠ ᠴᠣᠬᠢᠪᠠ᠃ ᠡᠩᠬᠡ ᠠᠮᠤᠭᠤᠯᠠᠩ ᠤᠨ ᠲᠠᠪᠢ ᠶᠢᠰᠦᠳᠦᠭᠡᠷ ᠣᠨ︵1720︶ ᠤ ᠲᠠᠪᠤᠳᠤᠭᠠᠷ ᠰᠠᠷ᠎ᠠ ᠳᠤ ᠵᠦᠩᠭᠠᠷ ᠤᠨ ᠴᠡᠷᠢᠭ ᠭᠤᠷᠪᠠᠨ ᠡᠳᠦᠷ ᠰᠢᠷᠦᠭᠦᠨ ᠲᠤᠯᠤᠯᠳᠤᠭᠠᠳ ᠣᠷᠤᠰ ᠴᠡᠷᠢᠭ ᠦᠨ ᠲᠦᠷᠢᠮᠡᠬᠡᠢᠯᠡᠯ ᠢ ᠪᠠᠰᠠ ᠨᠢᠭᠡᠨ ᠤᠳᠠᠭ᠎ᠠ ᠴᠣᠬᠢᠨ ᠤᠬᠤᠷᠢᠭᠤᠯᠤᠭᠰᠠᠨ ᠳᠤ᠂ ᠬᠡᠯᠡᠯᠴᠡᠭᠡᠷ ᠢᠶᠡᠷ ᠳᠠᠮᠵᠢᠨ ᠨᠠᠢᠷᠠᠮᠳᠠᠯ ᠢᠶᠠᠷ ᠬᠡᠷᠡᠭᠦᠯ ᠮᠠᠷᠭᠤᠭᠠᠨ ᠢ ᠰᠢᠢᠳᠪᠦᠷᠢᠯᠡᠬᠦ ᠭᠡᠵᠦ ᠣᠷᠤᠰᠴᠤᠳ ᠬᠦᠰᠡᠮᠵᠢᠯᠡᠵᠡᠢ᠃ ᠴᠧᠸᠠᠩᠷᠠᠪᠲᠠᠨ ᠤ ᠬᠥᠪᠡᠭᠦᠨ ᠭᠠᠯᠳᠠᠨᠴᠡᠷᠢᠨ ᠡᠴᠢᠭᠡ ᠪᠡᠨ ᠲᠥᠯᠦᠭᠡᠯᠡᠵᠦ ᠣᠷᠤᠰ ᠯᠤᠭ᠎ᠠ ᠳᠤᠷᠠᠲᠠᠶ᠎ᠠ ᠬᠡᠯᠡᠯᠴᠡᠭᠡᠷ ᠬᠢᠬᠦ ᠶᠢ ᠵᠥᠪᠰᠢᠶᠡᠷᠡᠭᠰᠡᠨ ᠪᠠᠢᠵᠠᠢ᠃ ᠣᠷᠤᠰ ᠤ᠋ᠨ ᠡᠯᠴᠢ ᠢᠷᠡᠬᠦ ᠡᠴᠡ ᠡᠮᠦᠨ᠎ᠡ ᠴᠧᠸᠠᠩᠷᠠᠪᠲᠠᠨ ᠡᠯᠴᠢ ᠲᠣᠮᠢᠯᠠᠨ ᠪᠡᠭᠡᠵᠢᠩ ᠣᠷᠤᠵᠤ ᠵᠢᠪᠽᠣᠮᠳᠠᠮᠪᠠ ᠬᠤᠲᠤᠭᠲᠤ ᠪᠠᠷ ᠳᠠᠮᠵᠢᠨ ᠴᠢᠩ ᠤᠯᠤᠰ ᠯᠤᠭ᠎ᠠ ᠬᠠᠭᠤᠴᠢᠨ ᠨᠠᠢᠷ ᠢᠶᠠᠨ ᠰᠡᠷᠭᠦᠭᠡᠬᠦ ᠬᠡᠮᠡᠨ ᠡᠩᠬᠡ ᠠᠮᠤᠭᠤᠯᠠᠩ ᠬᠠᠭᠠᠨ ᠳᠤ ᠬᠡᠯᠡᠯᠴᠡᠭᠡ ᠣᠷᠤᠭᠤᠯᠵᠠᠢ᠃ ᠡᠩᠬᠡ ᠠᠮᠤᠭᠤᠯᠠᠩ ᠤᠨ ᠵᠢᠷᠠᠨ ᠨᠢᠭᠡᠳᠦᠭᠡᠷ ᠣᠨ ︵ 1722 ︶ ᠤ ᠰᠡᠭᠦᠯᠴᠢ ᠪᠡᠷ ᠵᠢᠪᠽᠣᠮᠳᠠᠮᠪᠠ ᠬᠤᠲᠤᠭᠲᠤ᠂ ᠵᠦᠩᠭᠠᠷ ᠤᠨ ᠡᠯᠴᠢ ᠶᠢᠨ ᠬᠠᠮᠲᠤ ᠪᠡᠭᠡᠵᠢᠩ ᠣᠷᠤᠵᠤ ᠴᠧᠸᠠᠩᠷᠠᠪᠲᠠᠨ ᠤ ᠨᠠᠢᠳᠠᠯᠭ᠎ᠠ ᠶᠢ ᠡᠩᠬᠡ ᠠᠮᠤᠭᠤᠯᠠᠩ ᠡᠵᠡᠨ ᠳᠦ ᠠᠢᠯᠠᠳᠭᠠᠪᠠ᠃ ᠲᠤᠬᠠᠶ ᠤ᠋ᠨ ᠦᠶ᠎ᠡ ᠳᠦ ᠡᠩᠬᠡ ᠠᠮᠤᠭᠤᠯᠠᠩ ᠬᠠᠷᠠᠬᠠᠨ ᠵᠦᠩᠭᠠᠷ ᠤᠨ ᠪᠠᠢᠳᠠᠯ ᠳᠤ ᠠᠩᠬᠠᠷᠤᠯ ᠲᠠᠯᠪᠢᠵᠤ᠂ ᠣᠷᠤᠰ ᠪᠣᠯᠤᠨ ᠵᠦᠩᠭᠠᠷ ᠬᠣᠭᠤᠷᠤᠨᠳᠤ ᠪᠠᠨ ᠦᠷᠭᠦᠯᠵᠢ ᠶᠠᠪᠤᠯᠴᠠᠵᠤ ᠪᠠᠢᠭ᠎ᠠ ᠶᠢ ᠣᠯᠵᠤ ᠮᠡᠳᠡᠭᠰᠡᠨ ᠲᠤᠯᠠ ᠵᠦᠩᠭᠠᠷ ᠲᠤ ᠬᠦᠨᠳᠦ ᠳᠠᠷᠤᠯᠲᠠ ᠦᠬᠦ ᠲᠥᠷᠦ ᠶᠢᠨ ᠪᠣᠳᠤᠯᠭ᠎ᠠ ᠪᠠᠨ ᠬᠤᠪᠢᠷᠠᠭᠤᠯᠵᠤ᠂ ᠴᠧᠸᠠᠩᠷᠠᠪᠲᠠᠨ ᠯᠤᠭ᠎ᠠ ᠨᠠᠢᠷᠰᠠᠭ ᠢᠶᠠᠷ ᠶᠠᠪᠤᠯᠴᠠᠬᠤ ᠭᠡᠵᠦ ᠦᠬᠦᠬᠦ ᠡᠴᠡ ᠪᠡᠨ ᠡᠮᠦᠨ᠎ᠡ ᠢᠯᠡᠷᠬᠡᠢᠯᠡᠵᠡᠢ᠃ ᠴᠢᠩ ᠤᠯᠤᠰ ᠤᠨ ᠨᠠᠢᠷᠠᠯᠲᠤ ᠲᠥᠪ ᠦ᠋ᠨ ᠠᠩᠬ᠎ᠠ ᠣᠨ ︵ 1723︶ ᠤ ᠲᠠᠪᠤᠳᠤᠭᠠᠷ ᠰᠠᠷ᠎ᠠ ᠳᠤ ᠨᠠᠢᠷᠠᠯᠲᠤ ᠲᠥᠪ ᠬᠠᠭᠠᠨ ᠤ ᠨᠠᠢᠷᠰᠠᠭ ᠢᠶᠠᠷ ᠶᠠᠪᠤᠯᠴᠠᠬᠤ ᠰᠠᠨᠠᠭ᠎ᠠ ᠶᠢ ᠴᠢᠩ ᠤᠯᠤᠰ ᠤᠨ ᠡᠯᠴᠢ ᠴᠧᠸᠠᠩᠷᠠᠪᠲᠠᠨ ᠳᠤ ᠤᠯᠠᠮᠵᠢᠯᠠᠭᠰᠠᠨ ᠳᠤ ᠴᠧᠸᠠᠩᠷᠠᠪᠲᠠᠨ ᠲᠡᠷᠡ ᠳᠠᠷᠤᠢ ᠣᠷᠤᠰ ᠤᠯᠤᠰ ᠤᠨ ᠲᠦᠰᠢᠮᠡᠭ ᠬᠠᠷᠢᠶᠠᠲᠤ ᠪᠣᠯᠬᠤ ᠦᠭᠡᠢ ᠭᠡᠰᠡᠨ ᠢᠶᠡᠨ ᠣᠷᠤᠰ ᠤ᠋ᠨ ᠡᠯᠴᠢ ᠳᠦ ᠮᠡᠳᠡᠭᠳᠡᠵᠡᠢ᠃ ᠨᠠᠢᠷᠠᠯᠲᠤ ᠲᠥᠪ ᠦ᠋ᠨ ᠲᠠᠪᠤᠳᠤᠭᠠᠷ ᠣᠨ ︵ 1727︶ ᠳᠤ ᠴᠧᠸᠠᠩᠷᠠᠪᠲᠠᠨ ᠨᠠᠰᠤ ᠨᠥᠭᠴᠢᠭᠰᠡᠨ ᠳ᠋ᠦ᠍ ᠲᠡᠭᠦᠨ ᠦ ᠬᠥᠪᠡᠭᠦᠨ ᠭᠠᠯᠳᠠᠨᠴᠡᠷᠢᠨ ᠣᠷᠤ ᠵᠠᠯᠭᠠᠮᠵᠢᠯᠠᠵᠠᠢ᠃