ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠦᠨᠡᠨᠴᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:


ᠦᠨᠡᠨᠴᠢ ︵ 1938~︶
ᠬᠢᠨᠠᠨ ᠨᠠᠶᠢᠷᠠᠭᠤᠯᠤᠭᠴᠢ ᠃ ᠭᠢᠷᠢᠨ ᠮᠤᠵᠢ  ᠶᠢᠨ ᠱᠠᠭᠠᠵᠠᠭᠠᠶ ᠬᠣᠲᠠ  ᠶᠢᠨ ᠬᠥᠳᠡᠭᠡ ᠨᠤᠲᠤᠭ  ᠲᠤ ᠲᠥᠷᠥᠵᠡᠶ ᠃ ︽ ᠳᠠᠶᠢᠴᠢᠩ ᠤᠯᠤᠰ  ᠤᠨ ᠮᠠᠭᠠᠳ ᠬᠠᠤᠯᠢ ︾ ᠂ ︽ ᠮᠣᠩᠭᠣᠯ ᠠᠷᠠᠳ  ᠤᠨ ᠳᠠᠭᠤᠤ  ᠶᠢᠨ  ᠴᠢᠭᠤᠯᠭᠠᠨ ︾ ︽ ᠮᠣᠩᠭᠣᠯ ᠲᠤᠯᠭᠤᠷ ᠪᠢᠴᠢᠭ  ᠦᠨ ᠴᠤᠪᠤᠷᠠᠯ ︾ ᠵᠡᠷᠭᠡ ᠲᠣᠮᠣ ᠪᠦᠲᠦᠭᠡᠯ  ᠦᠨ ᠴᠤᠪᠤᠷᠠᠯ ᠨᠣᠮ  ᠤᠳ  ᠢ ᠬᠡᠪᠯᠡᠭᠰᠡᠨ ᠪᠥᠭᠡᠳ 90ᠭᠠᠷᠤᠶ ᠮᠣᠩᠭᠣᠯ ᠬᠢᠲᠠᠳ  ᠨᠣᠮ ᠬᠡᠪᠯᠡᠯ  ᠦᠨ ᠬᠠᠷᠢᠴᠠᠭᠤᠯᠤᠭᠰᠠᠨ ᠨᠠᠶᠢᠷᠠᠭᠤᠯᠤᠭᠴᠢ  ᠪᠣᠯᠵᠠᠶ ᠂ ᠠᠵᠢᠯ  ᠤᠨ  ᠢᠶᠠᠨ ᠴᠢᠯᠥᠭᠡ  ᠳᠦ ᠲᠡᠷᠡ ᠪᠠᠰᠠ ︽ ᠪᠠᠲᠤ ᠬᠠᠭᠠᠨ ︾ ᠂ ︽ ᠤᠯᠢᠸ᠋ᠸ᠋ᠷ ᠲᠸᠢᠰᠲᠢ ︾ ᠂ ︽ ᠡᠴᠦᠰ  ᠦᠨ ᠨᠢᠭᠡ ᠮᠣᠳᠢᠭᠠᠨ ᠬᠥᠮᠦᠨ ︾ ᠂ ︽ ᠳᠠᠯᠠᠶ  ᠶᠢᠨ ᠳᠣᠤᠷ᠎ᠠ ᠬᠣᠶᠠᠷ ᠲᠦᠮᠡᠨ ᠺᠢᠯᠣᠮᠧᠲᠷ ᠠᠶᠠᠯᠠᠭᠰᠠᠨ ᠨᠢ ︾ᠵᠡᠷᠭᠡ ᠳᠡᠯᠡᠬᠡᠶ  ᠶᠢᠨ ᠠᠯᠳᠠᠷᠲᠤ ᠵᠣᠬᠢᠶᠠᠯ  ᠤᠳ  ᠢ ᠮᠣᠩᠭᠣᠯᠴᠢᠯᠠᠬᠤ ᠪᠤᠶᠤ ᠬᠢᠲᠠᠳᠴᠢᠯᠠᠨ ᠬᠡᠪᠯᠡᠭᠦᠯᠵᠡᠶ ᠃ 20 ᠳ᠋ᠤᠭᠠᠷ ᠵᠠᠭᠤᠨ  ᠤ ᠨᠠᠶᠠᠭᠠᠳ ᠪᠠ ᠶᠡᠷᠡᠭᠡᠳ ᠣᠨ  ᠳᠤ ᠧᠦ᠋ᠷᠣᠫᠠ ᠂ ᠣᠷᠣᠰ  ᠂ ᠮᠣᠩᠭᠣᠯ ᠵᠡᠷᠭᠡ ᠤᠯᠤᠰ   ᠢᠶᠠᠷ ᠶᠠᠪᠤᠵᠤ ᠲᠤᠰ ᠬᠣᠷᠢᠶᠠᠨ  ᠤ  ᠪᠠᠨ ᠮᠣᠩᠭᠣᠯ  ᠨᠣᠮ  ᠢᠶᠠᠨ ᠳᠡᠯᠡᠬᠡᠶ  ᠶᠢᠨ ᠨᠣᠮ  ᠤᠨ ᠦᠵᠡᠰᠬᠦᠯᠡᠩ  ᠳᠦ ᠳᠡᠯᠭᠡᠵᠡᠶ ᠃ 1990ᠣᠨ  ᠳᠤ ᠹᠢᠨᠯᠠᠨᠳ᠋  ᠤᠨ ᠡᠾᠸ᠋ᠯᠰᠢᠨᠺᠢ  ᠳᠦ ᠪᠥᠬᠡ  ᠶᠢᠨ ᠱᠠᠰᠢᠨ  ᠤ ᠣᠯᠠᠨ ᠤᠯᠤᠰ  ᠤᠨ ᠰᠤᠳᠤᠯᠭᠠᠨ  ᠤ ᠬᠤᠷᠠᠯ  ᠳᠤ ︽ ᠮᠣᠩᠭᠣᠯ ᠪᠥᠬᠡ  ᠶᠢᠨ ᠳᠣᠷᠣᠶᠢᠲᠠᠯ ︾ ᠭᠠᠷᠴᠠᠭ ᠲᠠᠶ ᠥᠭᠦᠯᠡᠯ ᠨᠡᠶᠢᠲᠡᠯᠡᠵᠡᠶ ᠃