ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠᠰᠤᠨᠪᠠᠭᠠᠲᠤᠷ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠨᠠᠰᠤᠨᠪᠠᠭᠠᠲᠤᠷ ︵ 1936~︶
ᠬᠢᠨᠠᠨ ᠨᠠᠶᠢᠷᠠᠭᠤᠯᠤᠭᠴᠢ ᠃ ᠥᠪᠥᠷ ᠮᠣᠩᠭᠣᠯ  ᠤᠨ ᠤᠷᠠᠳ  ᠤᠨ ᠡᠮᠦᠨᠡᠲᠦ ᠬᠣᠰᠢᠭᠤᠨ  ᠳᠤ ᠲᠥᠷᠥᠵᠡᠶ ᠃ ᠡᠪ ᠬᠠᠮᠲᠤ  ᠶᠢᠨ ᠭᠡᠰᠢᠭᠦᠨ ᠃ ᠭᠤᠴᠢᠭᠠᠳ  ᠵᠢᠯ  ᠦᠨ ᠬᠣᠭᠣᠷᠣᠨᠳᠣ ᠨᠣᠮ ᠬᠡᠪᠯᠡᠯ  ᠦᠨ ᠣᠷᠴᠢᠭᠤᠯᠭ᠎ᠠ ᠨᠠᠶᠢᠷᠠᠭᠤᠯᠭ᠎ᠠ  ᠶᠢᠨ ᠠᠵᠢᠯ  ᠳᠤ ᠣᠯᠠᠨ ᠲᠠᠯ᠎ᠠ  ᠪᠠᠷ ᠳᠠᠳᠴᠤ ︽ ᠡᠪ ᠬᠠᠮᠲᠤ ᠨᠠᠮ  ᠤᠨ ᠲᠤᠩᠬᠠᠭ ︾ ᠂ ︽ ᠲᠥᠷᠥ ᠪᠠ ᠬᠤᠪᠢᠰᠬᠠᠯ ︾ ︽ ᠹᠷᠠᠨᠼᠢ  ᠶᠢᠨ ᠳᠣᠲᠣᠭᠠᠳᠤ  ᠶᠢᠨ ᠳᠠᠶᠢᠨ ︾ ᠂ ︽ᠭᠤᠲ᠋ᠠ  ᠶᠢᠨ ᠬᠥᠲᠥᠯᠪᠦᠷᠢ  ᠶᠢ ᠪᠤᠷᠤᠭᠤᠰᠢᠶᠠᠨ ᠰᠢᠭᠦᠮᠵᠢᠯᠡᠬᠦ ᠨᠢ ︾ ᠂ ︽ ᠳ᠋ᠧᠩ ᠰᠢᠶᠤᠤ ᠫᠢᠩ  ᠦᠨ ᠵᠣᠬᠢᠶᠠᠯ  ᠤᠨ ᠰᠣᠩᠭᠣᠮᠠᠯ ︾ ᠂ ︽ ᠵᠡᠷᠭᠡ ᠤᠯᠤᠰ ᠲᠥᠷᠥ  ᠶᠢᠨ ᠣᠨᠣᠯ  ᠤᠨ ᠨᠣᠮ ᠪᠢᠴᠢᠭ  ᠢ ᠣᠷᠴᠢᠭᠤᠯᠵᠤ ᠨᠠᠶᠢᠷᠠᠭᠤᠯᠬᠤ ᠪᠠ ᠬᠢᠨᠠᠵᠤ ᠬᠡᠪᠯᠡᠭᠦᠯᠬᠦ ᠠᠵᠢᠯ  ᠳᠤ ᠣᠷᠣᠯᠴᠠᠵᠠᠶ ᠃ ︽ ᠤᠷᠠᠳ  ᠤᠨ ᠬᠤᠷᠢᠮ  ᠤᠨ ᠶᠣᠰᠣᠨ ︾ ᠂ ︽ ᠮᠣᠩᠭᠣᠯ ᠬᠡᠯᠡᠨ  ᠦ ᠪᠦᠭᠦᠳᠡ ᠲᠠᠶᠢᠯᠪᠤᠷᠢ ᠪᠢᠴᠢᠭ ︾ ᠂ ︽ ᠶᠤᠸᠠᠨ ᠤᠯᠤᠰ  ᠤᠨ ᠶᠡᠬᠡ ᠨᠡᠶᠢᠰᠯᠡᠯ ︾ ᠂ ︽ ᠮᠣᠩᠭᠣᠯ  ᠤᠨ ︿ ᠥᠪᠡᠷᠲᠡᠭᠡᠨ ᠵᠠᠰᠠᠬᠤ ᠬᠥᠳᠡᠯᠭᠡᠭᠡᠨ﹀ ᠦ ᠡᠭᠦᠰᠭᠡᠯ ᠲᠡᠭᠦᠰᠬᠡᠯ ︾ ᠂ ︽ ᠣᠶᠢᠷᠠᠳ ᠮᠣᠩᠭᠣᠯ  ᠤᠨ ᠦᠯᠢᠭᠡᠷ ᠳᠣᠮᠣᠭ ︾ᠵᠡᠷᠭᠡ ᠣᠯᠠᠨ ᠨᠣᠮ ᠪᠢᠴᠢᠭ  ᠢ ᠬᠢᠨᠠᠵᠤ ᠨᠠᠶᠢᠷᠠᠭᠤᠯᠤᠨ ᠬᠠᠷᠢᠭᠤᠴᠠᠨ ᠬᠡᠪᠯᠡᠵᠡᠶ ᠂ ᠪᠠᠰᠠ ︽ ᠮᠣᠩᠭᠣᠯ ᠬᠡᠯᠡᠨ  ᠦ ᠦᠭᠡᠰ  ᠦᠨ ᠰᠠᠩ  ᠤᠨ ᠭᠠᠷᠤᠯ ᠢᠷᠠᠯ ᠦᠨ ᠠᠰᠠᠭᠤᠳᠠᠯ  ᠳᠤ ︾ ᠂ ︽ ᠮᠣᠩᠭᠣᠯ ᠬᠡᠯᠡᠨ  ᠦ ᠵᠢᠭᠡᠯᠡᠭᠡ ᠦᠭᠡᠰ  ᠦᠨ ᠠᠰᠠᠭᠤᠳᠠᠯ ︾ ᠂ ︽ ᠮᠣᠩᠭᠣᠯ  ᠲᠤᠯᠭᠤᠷ ᠪᠢᠴᠢᠭ  ᠦᠨ ᠰᠤᠳᠤᠯᠤᠯ  ᠤᠨ ᠳᠥᠭᠥᠮ ᠪᠠᠶᠢᠳᠠᠯ ︾ ᠵᠡᠷᠭᠡ ᠥᠭᠦᠯᠡᠯ ᠨᠡᠶᠢᠲᠡᠯᠡᠭᠦᠯᠵᠡᠶ ᠃ ᠬᠠᠷᠢᠭᠤᠴᠠᠵᠤ ᠨᠠᠶᠢᠷᠠᠭᠤᠯᠤᠭᠰᠠᠨ ︽ ᠲᠠᠯ᠎ᠠ  ᠶᠢᠨ ᠰᠤᠪᠤᠳ ︾ ᠂  ᠬᠠᠮᠲᠤᠷᠠᠵᠤ ᠣᠷᠴᠢᠭᠤᠯᠤᠭᠰᠠᠨ ᠷᠣᠮᠠᠨ ︽ ᠰᠠᠷᠠᠭᠤᠯ ᠲᠠᠯ᠎ᠠ ︾ᠨᠢ ᠪᠦᠬᠦ ᠤᠯᠤᠰ  ᠤᠨ ᠴᠥᠭᠡᠨ ᠲᠣᠭᠠᠲᠤ ᠦᠨᠳᠦᠰᠦᠲᠡᠨ  ᠦ ᠤᠳᠬ᠎ᠠ ᠵᠣᠬᠢᠶᠠᠯ  ᠤᠨ ᠠᠩᠬᠠᠳᠤᠭᠠᠷ ᠤᠳᠠᠭᠠᠨ  ᠤ ᠰᠢᠯᠭᠠᠷᠠᠭᠤᠯᠤᠯᠲᠠ  ᠳᠤ ᠰᠢᠯᠢᠳᠡᠭ ᠱᠠᠩᠨᠠᠯ ᠣᠯᠵᠠᠶ ᠃