ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠨᠠᠷᠠᠨᠭᠡᠷᠡᠯ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠨᠠᠷᠠᠨᠭᠡᠷᠡᠯ ︵ 1943~)
ᠬᠢᠨᠠᠨ ᠨᠠᠶᠢᠷᠠᠭᠤᠯᠤᠭᠴᠢ ᠂᠃ ᠥᠪᠥᠷ ᠮᠣᠩᠭᠣᠯ  ᠤᠨ ᠵᠢᠷᠢᠮ ᠠᠶᠢᠮᠠᠭ  ᠤᠨ ᠬᠣᠷᠴᠢᠨ ᠵᠡᠭᠦᠨ ᠭᠠᠷᠤᠨ ᠬᠣᠰᠢᠭᠤᠨ  ᠳᠤ ᠲᠥᠷᠥᠵᠡᠶ ᠃ ᠭᠣᠤᠯᠳᠠᠭᠤ ᠨᠡᠶᠢᠭᠡᠮ ᠨᠡᠶᠢᠲᠡ  ᠶᠢᠨ ᠤᠩᠰᠢᠬᠤ ᠨᠣᠮ ᠪᠠ ᠳᠤᠮᠳᠠᠳᠤ ᠵᠡᠷᠭᠡ  ᠶᠢᠨ ᠲᠤᠰᠬᠠᠶ ᠮᠡᠷᠭᠡᠵᠢᠯ  ᠦᠨ ᠰᠤᠷᠭᠠᠭᠤᠯᠢ  ᠶᠢᠨ ᠵᠢᠭᠠᠬᠤ ᠮᠠᠲ᠋ᠧᠷᠢᠶᠠᠯ  ᠤᠳ  ᠢ ᠡᠷᠬᠢᠯᠡᠨ ᠨᠠᠶᠢᠷᠠᠭᠤᠯᠪᠠ ᠃ ᠡᠭᠦᠨ  ᠦ ᠳᠣᠲᠣᠷ᠎ᠠ ︽ ᠣᠷᠴᠢᠭᠤᠯᠭ᠎ᠠ  ᠶᠢᠨ ᠤᠬᠠᠭᠠᠨ  ᠤ  ᠰᠠᠭᠤᠷᠢ︾ ᠂ ︽ ᠪᠢᠴᠢᠭ ᠮᠠᠲ᠋ᠧᠷᠢᠶᠠᠯ  ᠤᠨ ᠮᠠᠭᠠᠳᠯᠠᠯᠲᠠ ︾ ᠂ ︽ ᠮᠣᠩᠭᠣᠯ ᠣᠷᠴᠢᠭᠤᠯᠭ᠎ᠠ  ᠶᠢᠨ ᠨᠠᠶᠢᠷᠠᠯᠭ᠎ᠠ ︾᠂ ︽ ᠮᠣᠩᠭᠣᠯ ᠲᠡᠦᠬᠡ ᠰᠤᠷᠬᠤ  ᠪᠢᠴᠢᠭ ︾ ᠂ ︽ ᠲᠥᠷᠥ  ᠶᠢᠨ ᠠᠯᠪᠠ ᠬᠠᠭᠠᠭᠴᠢ   ᠶᠢᠨ ᠳᠦᠷᠢᠮ  ᠦᠨ ᠲᠣᠶᠢᠮᠣ ︾ ᠂ᠵᠡᠷᠭᠡ ᠨᠣᠮ ᠪᠤᠶ ᠃ ᠲᠡᠷᠡ ᠪᠠᠰᠠ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ ᠪᠤᠶᠤ ᠲᠥᠷᠥ  ᠶᠢᠨ ᠰᠤᠷᠭᠠᠨ ᠬᠥᠮᠦᠵᠢᠯ  ᠦᠨ ᠶᠠᠮᠤᠨ  ᠤ ᠰᠢᠯᠢᠳᠡᠭ ᠵᠢᠭᠠᠬᠤ ᠮᠠᠲ᠋ᠧᠷᠢᠶᠠᠯ  ᠤᠨ ᠱᠠᠩᠨᠠᠯ ᠬᠦᠷᠲᠡᠵᠡᠶ ᠃ ︽ ᠲᠠᠪᠤᠨ ᠴᠡᠭᠡᠷᠯᠡᠯ  ᠢ ᠥᠭᠦᠯᠡᠬᠦ ᠨᠢ ︾ ᠂ ︽ᠮᠣᠩᠭᠣᠯ  ᠰᠣᠶᠣᠯ  ᠤᠨ ᠲᠤᠬᠠᠶ ᠥᠭᠦᠯᠡᠬᠦ ᠨᠢ ︾ ᠂︽ ᠬᠠᠰᠠᠷ  ᠤᠨ ᠴᠠᠳᠢᠭ ᠭᠡᠬᠦ ᠨᠣᠮ  ᠢ ᠲᠠᠨᠢᠯᠴᠠᠭᠤᠯᠤᠨ ᠦᠨᠡᠯᠡᠬᠦ ᠨᠢ ︾ ᠵᠡᠷᠭᠡ ᠥᠭᠦᠯᠡᠯ  ᠦᠳ  ᠢᠶᠡᠨ ᠰᠣᠨᠢᠨ ᠰᠡᠳᠬᠦᠯ  ᠳᠦ ᠨᠡᠶᠢᠲᠡᠯᠡᠵᠦ ᠥᠩᠭᠡᠷᠡᠪᠡ ᠃ ᠪᠠᠰᠠ ︽ ᠬᠥᠳᠡᠯᠭᠡᠭᠡᠨ ᠡᠨᠧᠷᠭᠢ ᠪᠠ ᠫᠣᠲᠸ᠋ᠨᠲ ᠡᠨᠧᠷᠭ ᠤᠨ ᠲᠤᠬᠠᠶ ᠵᠠᠳᠠᠯᠤᠯᠲᠠ ︾ ᠂ ︽ᠲᠣᠭᠠᠨ  ᠤ ᠤᠬᠠᠭᠠᠨ  ᠤ ᠰᠡᠳᠦᠪ ᠪᠣᠳᠣᠬᠤ ᠲᠣᠯᠢ ︾ ᠂ ︽ ᠲᠣᠭᠠᠨ  ᠤ ᠰᠡᠳᠦᠪ ᠪᠣᠳᠣᠬᠤ ᠰᠡᠳᠬᠢᠴᠡ ︾ ᠂︽ ᠪᠤᠮᠠᠨ ᠡᠷᠳᠡᠨᠢ  ᠶᠢᠨ ᠲᠦᠯᠬᠢᠭᠦᠷ ︾ ᠂ ︽ ᠮᠣᠩᠭᠣᠯ ᠪᠠ ᠮᠣᠩᠭᠣᠯᠴᠤᠳ ︾ ᠂ ︽ ᠠᠩᠬ᠎ᠠ ᠵᠡᠷᠭᠡ  ᠶᠢᠨ ᠳᠤᠮᠳᠠᠳᠤ ᠰᠤᠷᠭᠠᠭᠤᠯᠢ   ᠶᠢᠨ ᠬᠢᠴᠢᠶᠡᠯ  ᠦᠨ ᠪᠢᠴᠢᠭ  ᠲᠦ ᠳᠠᠭᠠᠯᠳᠤᠭᠤᠯᠤᠭᠰᠠᠨ ᠵᠢᠯᠣᠭᠣᠳᠤᠮᠵᠢ ᠪᠠ ᠪᠣᠯᠪᠠᠰᠤᠷᠠᠯ ︾ ᠵᠡᠷᠭᠡ 70ᠭᠠᠷᠤᠶ ᠲᠦᠮᠡᠨ ᠣᠷᠴᠢᠭᠤᠯᠭ᠎ᠠ  ᠶᠢᠨ ᠪᠦᠲᠦᠭᠡᠯ ᠲᠡᠶ ᠃