ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠪᠠᠢ ᠴᠦᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠪᠠᠶ ᠴᠦᠨ ︵ 1806- ︖ ︶ ᠂ ᠴᠢᠩ ᠤᠯᠤᠰ ᠤᠨ ᠦᠢ᠎ᠡ  ᠶᠢᠨ ᠲᠦᠰᠢᠮᠡᠯ ᠂ ᠰᠢᠯᠦᠭᠴᠢᠨ ᠃ ᠡᠷᠭᠦᠭᠰᠡᠨ ᠨᠡᠷ᠎ᠡ ᠨᠢ ᠳ᠋ᠦᠩ ᠹᠦ᠋ ᠂ ᠴᠣᠯᠠ ᠨᠢ ᠯᠣᠤ ᠲᠢᠶᠧ ᠭᠡᠳᠡᠭ ᠃ ᠮᠣᠩᠭᠣᠯ ᠤᠨ ᠰᠢᠯᠤᠭᠤᠨ ᠰᠢᠷ᠎ᠠ ᠬᠣᠰᠢᠭᠤᠨ ᠤ ᠬᠥᠮᠦᠨ ᠃ ᠰᠠᠶᠢᠰᠢᠶᠠᠯᠲᠤ ᠢᠷᠥᠭᠡᠯᠲᠦ  ᠶᠢᠨ ᠠᠷᠪᠠᠨ ᠨᠢᠭᠡᠳᠦᠭᠡᠷ ᠣᠨ ︵ 1806 ︶ ᠳᠤ ᠲᠥᠷᠥᠵᠡᠶ ᠃ ᠪᠠᠭ᠎ᠠ ᠨᠠᠰᠤᠨ ᠳᠤ ᠵᠢᠩ ᠨᠡᠶᠢᠰᠯᠡᠯ ᠳᠦ ᠰᠠᠭᠤᠵᠤ ᠂ ᠨᠢᠶᠧ ᠷᠦᠩ ᠹᠸᠩ ᠬᠡᠮᠡᠭᠴᠢ ᠪᠢᠴᠢᠭᠳᠡᠨ ᠡᠴᠡ ᠬᠢᠲᠠᠳ ᠪᠢᠴᠢᠭ ᠂ ᠡᠷᠲᠡᠨ ᠦ ᠨᠣᠮ ᠰᠤᠳᠤᠷ ᠂ ᠰᠢᠯᠦᠭ ᠳᠠᠭᠤᠯᠠᠯ  ᠢ ᠰᠤᠷᠤᠯᠴᠠᠵᠠᠶ ᠃ ᠲᠥᠷᠥ ᠭᠡᠷᠡᠯᠲᠦ  ᠶᠢᠨ ᠬᠣᠷᠢᠨ ᠲᠠᠪᠤᠳᠤᠭᠠᠷ ᠣᠨ ︵ 1845 ︶ ᠤ ᠣᠷᠣᠭᠰᠠᠳ ᠃ ᠤᠷᠢᠳ ᠬᠣᠵᠢᠳ ᠴᠡᠷᠢᠭ ᠦᠨ ᠵᠤᠷᠭᠠᠨ ᠤ ᠲᠡᠮᠳᠡᠭᠯᠡᠭᠴᠢ ᠲᠦᠰᠢᠮᠡᠯ ᠂ ᠲᠤᠰᠠᠯᠠᠭᠴᠢ ᠲᠦᠰᠢᠮᠡᠯ ᠂ ᡁᠢ ᠯᠢ  ᠶᠢᠨ ᠹᠦ᠋  ᠶᠢᠨ ᠮᠡᠳᠡᠭᠴᠢ  ᠶᠢᠨ ᠲᠤᠰᠢᠶᠠᠯ  ᠢ ᠡᠭᠦᠷᠭᠡᠯᠡᠵᠦ ᠥᠩᠭᠡᠷᠡᠵᠡᠶ ᠃ ᠲᠦᠭᠡᠮᠡᠯ ᠡᠯᠪᠡᠭᠲᠦ  ᠶᠢᠨ ᠶᠢᠰᠦᠳᠦᠭᠡᠷ ᠣᠨ ︵ 1859 ︶ ᠤ ᠴᠠᠭᠠᠨ ᠰᠠᠷ᠎ᠠ ᠳᠤ ᠲᠢᠶᠠᠨᠵᠢᠨ ᠤ ᠳᠠᠯᠠᠶ  ᠶᠢᠨ ᠰᠡᠷᠭᠡᠶᠢᠯᠡᠯᠲᠡ  ᠶᠢᠨ ᠡᠮᠦᠨ᠎ᠡ ᠹᠷᠣᠨᠲ᠋ ᠲᠤ ᠲᠤᠰᠢᠶᠠᠯ ᠡᠭᠦᠷᠭᠡᠯᠡᠵᠦ ᠂ ᠡᠵᠡᠷᠬᠡᠭ ᠲᠦᠷᠢᠮᠡᠬᠡᠶᠢᠲᠡᠨ  ᠢ ᠡᠰᠡᠷᠭᠦᠴᠡᠬᠦ ᠳᠠᠶᠢᠨ ᠳᠦ ᠣᠷᠣᠯᠴᠠᠵᠠᠶ ᠃
 ᠪᠠᠶ ᠴᠦᠨ ᠪᠣᠯ ᠪᠦᠲᠦᠭᠡᠯ ᠡᠯᠪᠡᠭ ᠰᠢᠯᠦᠴᠢᠨ ᠪᠣᠯᠤᠨ᠎ᠠ ᠃ ᠮᠢᠩᠭᠠᠳ ᠪᠠᠳᠠᠭ ᠰᠢᠯᠦᠭ ᠨᠢ ᠤᠯᠠᠮᠵᠢᠯᠠᠵᠤ ᠢᠷᠡᠪᠡ ᠃ ᠡᠭᠦᠨ ᠳᠦ ᠬᠣᠶᠠᠷ ᠪᠣᠲᠢᠲᠤ ︽ ᠲᠢᠶᠧ ᠳ᠋ᠢ ᠰᠢᠶᠠᠨ ᠥᠷᠥᠭᠡᠨ ᠦ ᠴᠡᠷᠢᠭ ᠲᠦᠷ ᠮᠣᠷᠳᠠᠭᠰᠠᠨ ᠨᠤᠤᠷᠠᠭ ︾ ᠭᠡᠬᠦ ᠲᠡᠭᠦᠪᠦᠷᠢ ᠨᠢ ᠲᠦᠭᠡᠮᠡᠯ ᠡᠯᠪᠡᠭᠲᠦ  ᠶᠢᠨ ᠭᠤᠷᠪᠠᠳᠤᠭᠠᠷ ᠣᠨ ︵ 1853 ︶ ᠠᠴᠠ ᠵᠢᠷᠭᠤᠳᠤᠭᠠᠷ ᠣᠨ ︵ 1856 ︶ ᠬᠦᠷᠲᠡᠯᠡᠬᠢ ᠳᠥᠷᠪᠡᠨ ᠵᠢᠯ ᠳᠦ ᠪᠢᠴᠢᠭᠰᠡᠨ 156 ᠪᠠᠳᠠᠭ ᠰᠢᠯᠦᠭ ᠬᠤᠷᠢᠶᠠᠨ ᠣᠷᠣᠭᠤᠯᠵᠠᠶ ᠃ ᠴᠡᠷᠢᠭ ᠳᠠᠶᠢᠨ ᠦ ᠰᠡᠳᠦᠪᠯᠡᠬᠦᠨ ᠭᠣᠤᠯᠯᠠᠨ᠎ᠠ ᠃ ᠵᠢᠷᠭᠤᠭᠠᠨ ᠪᠣᠲᠢᠲᠤ ︽ ᠲᠢᠶᠧ ᠳ᠋ᠢ ᠰᠢᠶᠠᠨ ᠥᠷᠥᠭᠡᠨ ᠦ ᠵᠢᠭᠤᠯᠴᠢᠯᠠᠨ ᠲᠣᠭᠣᠷᠢᠭᠰᠠᠨ ᠰᠢᠯᠦᠭ ᠦᠨ ᠨᠤᠤᠷᠠᠭ ︾ ᠭᠡᠬᠦ ᠲᠡᠭᠦᠪᠦᠷᠢ ᠨᠢ ᠲᠦᠭᠡᠮᠡᠯ ᠡᠯᠪᠡᠭᠲᠦ  ᠶᠢᠨ ᠠᠷᠪᠠᠳᠤᠭᠠᠷ ᠣᠨ ︵ 1860 ︶ ᠳᠤ ᠬᠡᠪᠯᠡᠭᠳᠡᠵᠦ ᠂ 585 ᠪᠠᠳᠠᠭ ᠰᠢᠯᠦᠭ  ᠢ ᠬᠤᠷᠢᠶᠠᠵᠠᠶ ᠃ ᠡᠭᠦᠨ ᠳᠦ ᠪᠢᠷ ᠦᠨ ᠨᠠᠶᠢᠵᠠᠰ ᠲᠤ ᠪᠠᠨ ᠪᠡᠯᠡᠭᠯᠡᠨ ᠬᠦᠷᠭᠡᠭᠰᠡᠨ ᠰᠢᠯᠦᠭ ᠭᠣᠤᠯᠯᠠᠨ᠎ᠠ ᠃ ᠬᠣᠶᠠᠷ ᠪᠣᠲᠢᠲᠤ ︽ ᠲᠢᠶᠧ ᠳ᠋ᠢ ᠰᠢᠶᠠᠨ ᠥᠷᠥᠭᠡᠨ ᠦ ᠴᠡᠷᠢᠭ ᠲᠦᠷ ᠮᠣᠷᠳᠠᠭᠰᠠᠨ ᠬᠣᠶᠢᠨᠠᠬᠢ ᠨᠤᠤᠷᠠᠭ ︾ ᠭᠡᠬᠦ ᠲᠡᠭᠦᠪᠦᠷᠢ ᠳᠦ ᠲᠦᠭᠡᠮᠡᠯ ᠡᠯᠪᠡᠭᠲᠦ  ᠶᠢᠨ ᠠᠷᠪᠠᠳᠤᠭᠠᠷ ᠣᠨ ︵ 1860 ︶ ᠠᠴᠠ ᠠᠷᠪᠠᠨ ᠨᠢᠭᠡᠳᠦᠭᠡᠷ ᠣᠨ ︵ 1861 ︶ ᠪᠣᠯᠲᠠᠯᠠᠬᠢ ᠨᠢᠭᠡ ᠵᠢᠯ ᠦᠨ ᠬᠤᠭᠤᠴᠠᠭᠠᠨ ᠳᠤ ᠪᠢᠴᠢᠭᠰᠡᠨ 161 ᠪᠠᠳᠠᠭ ᠰᠢᠯᠦᠭ  ᠢ ᠬᠤᠷᠢᠶᠠᠨ ᠣᠷᠣᠭᠤᠯᠵᠠᠶ ᠃ ᠡᠭᠦᠨ ᠡᠴᠡ ᠭᠠᠳᠠᠨ᠎ᠠ ᠠᠷᠪᠠᠨ ᠪᠣᠲᠢᠲᠤ ︽ ᠵᠢᠨ ᠶᠤᠸᠠᠨ ᠬᠦᠷᠢᠶᠡᠯᠡᠩ ᠦᠨ ᠰᠢᠯᠦᠭ ᠦᠨ ᠬᠠᠭᠤᠯᠪᠤᠷᠢ ︾ ᠭᠡᠬᠦ ᠰᠢᠯᠦᠭ ᠦᠨ ᠲᠡᠭᠦᠪᠦᠷᠢ ᠪᠤᠶ ᠃ ᠲᠡᠭᠦᠨ ᠦ ᠰᠢᠯᠦᠭ ᠨᠢ ᠴᠡᠷᠢᠭ ᠳᠠᠶᠢᠨ ᠂ ᠴᠠᠭ ᠲᠥᠷᠥ ᠂ ᠨᠡᠶᠢᠭᠡᠮ ᠨᠡᠶᠢᠲᠡ ᠂ ᠠᠨᠳᠠ ᠨᠠᠶᠢᠵᠠᠰ ᠤᠨ ᠠᠭᠤᠯᠭ᠎ᠠ ᠪᠠᠷ ᠭᠤᠯᠯᠠᠨ᠎ᠠ ᠃