ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠢᠨᠳᠠᠮᠤᠨᠢ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠢᠨᠳᠠᠮᠤᠨᠢ︵ 1938—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠠᠷᠠᠳ ᠢᠶᠠᠨ ᠬᠠᠢᠷᠠᠯᠠᠬᠤ ᠵᠢᠱ᠌ᠢᠶᠡᠴᠢ᠃ ᠬᠣᠷᠴᠢᠨ ᠵᠡᠭᠦᠨ ᠭᠠᠷᠤᠨ ᠬᠣᠢᠲᠤ ᠬᠣᠰᠢᠭᠤᠨ ᠳᠤ ᠨᠤᠲᠤᠭ ᠲᠠᠢ᠂ ᠮᠣᠩᠭᠤᠯ ᠦᠨᠳᠦᠰᠦᠲᠡᠨ᠃ 1957 ᠣᠨ ᠤ 3 ᠰᠠᠷ᠎ᠠ ᠳᠤ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠲᠦ ᠣᠷᠤᠵᠤ᠂ 1961 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ ᠲᠡᠷᠡ ᠴᠡᠷᠢᠭ ᠲᠦ ᠣᠷᠤᠭᠰᠠᠨ ᠤ᠋ ᠪᠠᠨ ᠳᠠᠷᠠᠭ᠎ᠠ ᠪᠠᠢᠯᠳᠤᠭᠴᠢ᠂ ᠲᠠᠰᠤᠭ ᠤᠨ ᠳᠠᠷᠤᠭ᠎ᠠ᠂ ᠰᠠᠯᠠᠭᠠᠨ ᠳᠠᠷᠤᠭ᠎ᠠ᠂ ᠳᠡᠳ᠋ ᠰᠤᠮᠤᠨ ᠳᠠᠷᠤᠭ᠎ᠠ᠂ ᠠᠷᠠᠳ ᠤᠨ ᠵᠡᠪᠰᠡᠭᠲᠦ ᠬᠦᠴᠦᠨ ᠦ ᠬᠡᠯᠲᠡᠰ ᠦᠨ ᠲᠤᠰᠠᠯᠠᠭᠴᠢ᠂ ᠰᠠᠯᠠᠭᠠᠨ ᠳᠠᠷᠤᠭ᠎ᠠ᠂ ᠳᠡᠳ᠋ ᠬᠡᠯᠲᠡᠰ ᠦᠨ ᠳᠠᠷᠤᠭ᠎ᠠ᠂ ᠬᠡᠯᠲᠡᠰ ᠦᠨ ᠳᠠᠷᠤᠭ᠎ᠠ ᠵᠡᠷᠭᠡ ᠲᠤᠰᠢᠶᠠᠯ ᠢ ᠬᠠᠷᠢᠭᠤᠴᠠᠭᠰᠠᠨ ᠶᠤᠮ᠃ ᠲᠡᠷᠡ ᠥᠪᠡᠷ ᠦ᠋ᠨ ᠠᠮᠢ ᠨᠠᠰᠤᠨ ᠤ ᠠᠶᠤᠯ ᠲᠦᠭᠰᠢᠭᠦᠷᠢ ᠶᠢ ᠪᠣᠳᠤᠯ ᠦᠭᠡᠢ ᠠᠷᠠᠳ ᠣᠯᠠᠨ ᠤ ᠠᠮᠢ ᠨᠠᠰᠤ ᠠᠮᠤᠷ ᠠᠮᠤᠭᠤᠯᠠᠩ᠂ ᠤᠯᠤᠰ ᠤᠨ ᠡᠳ᠋ ᠬᠥᠷᠦᠩᠭᠡ ᠶ᠋ᠢ ᠬᠠᠮᠠᠭᠠᠯᠠᠬᠤ ᠶᠢᠨ ᠲᠥᠯᠦᠭᠡ ᠦᠬᠦᠨ ᠵᠢᠳᠭᠦᠳᠡᠭ ᠶᠤᠮ᠃ ᠡᠷᠦᠬᠡ ᠶᠢᠨ ᠴᠡᠷᠢᠭ ᠦᠨ ᠭᠷᠠᠨᠠᠲ ᠰᠢᠳᠡᠬᠦ ᠰᠤᠷᠭᠠᠭᠤᠯᠢᠯᠠᠯ ᠳᠤᠮᠳᠠ ᠲᠡᠷᠡ ᠠᠮᠢ ᠨᠠᠰᠤᠨ ᠤ ᠠᠶᠤᠯ ᠲᠦᠭᠰᠢᠭᠦᠷᠢ ᠶᠢ ᠪᠣᠳᠤᠯ ᠦᠭᠡᠢ ᠪᠡᠷ ᠳᠡᠯᠪᠡᠷᠡᠭᠡ ᠦᠭᠡᠢ 3 ᠭᠷᠠᠨᠠᠲ ᠢ ᠨᠣᠴᠤᠭᠠᠵᠤ ᠲᠠᠯᠠᠪᠤᠷ ᠲᠤ ᠪᠠᠢᠭᠰᠠᠨ ᠡᠷᠦᠬᠡ ᠶᠢᠨ ᠴᠡᠷᠢᠭ ᠢ ᠦᠬᠦᠯ ᠦᠨ ᠠᠶᠤᠯ ᠠᠴᠠ ᠠᠪᠤᠷᠠᠪᠠ᠃ ᠣᠢᠲᠤ ᠣᠷᠤᠨ ᠪᠠ ᠲᠠᠯ᠎ᠠ ᠨᠤᠲᠤᠭ ᠲᠤ ᠭᠠᠯ ᠲᠦᠢᠮᠡᠷ ᠭᠠᠷᠤᠭᠰᠠᠨ ᠳᠤ ᠲᠡᠷᠡ 4 ᠤᠳᠠᠭ᠎ᠠ ᠭᠠᠯ ᠤᠨᠲᠠᠷᠠᠭᠠᠬᠤ ᠲᠠᠯᠠᠪᠤᠷ ᠲᠤ ᠣᠴᠢᠵᠤ᠂ ᠭᠠᠯ ᠲᠦᠢᠮᠡᠷ ᠬᠠᠮᠤᠭ ᠠᠴᠠ ᠠᠶᠤᠮᠠᠷ ᠳᠦᠷᠡᠯᠵᠡᠵᠦ ᠪᠠᠢᠭ᠎ᠠ ᠭᠠᠵᠠᠷ ᠲᠤ ᠲᠡᠷᠡ ᠬᠦᠷᠴᠦ ᠭᠠᠯ ᠤᠨᠲᠠᠷᠠᠭᠠᠨ 9 ᠬᠣᠨᠤᠭ ᠦᠷᠭᠦᠯᠵᠢᠯᠡᠨ ᠲᠡᠮᠡᠴᠡᠵᠦ ᠲᠦᠢᠮᠡᠷ ᠢ ᠤᠨᠲᠠᠷᠠᠭᠠᠭᠰᠠᠨ ᠶᠤᠮ᠃ ᠲᠡᠷᠡ ᠬᠠᠮᠢᠭ᠎ᠠ ᠣᠴᠢᠪᠠᠯ ᠲᠡᠨᠳᠡ ᠰᠠᠢᠨ ᠠᠵᠢᠯ ᠬᠢᠵᠦ ᠶᠠᠪᠤᠳᠠᠭ᠃ ᠲᠡᠷᠡ ᠦᠷᠭᠦᠯᠵᠢ ᠠᠮᠠᠷᠠᠯᠲᠠ ᠶᠢᠨ ᠴᠠᠭ ᠪᠠ ᠪᠠᠶᠠᠷ ᠳᠤᠷᠠᠰᠭᠠᠯ ᠤ᠋ᠨ ᠡᠳᠦᠷ ᠨᠠᠰᠤᠲᠠᠨ ᠢ ᠠᠰᠠᠷᠠᠬᠤ ᠬᠦᠷᠢᠶᠡᠯᠡᠩ ᠳᠦ ᠬᠦᠷᠴᠦ ᠭᠣᠣᠨᠢ ᠭᠠᠭᠴᠠᠭᠠᠷ ᠪᠣᠯᠤᠭᠰᠠᠨ ᠡᠪᠦᠭᠡᠨ ᠬᠥᠭᠰᠢᠳ ᠲᠦ᠍ ᠦᠰᠦ ᠵᠠᠰᠠᠵᠤ᠂ ᠬᠤᠪᠴᠠᠰᠤ ᠬᠤᠨᠠᠷ ᠢ ᠨᠢ ᠤᠭᠢᠶᠠᠨ ᠴᠡᠪᠡᠷᠯᠡᠵᠦ ᠥᠭᠳᠡᠭ᠃ 1981 ᠣᠨ ᠤ 2 ᠰᠠᠷ᠎ᠠ ᠶᠢᠨ 17 ᠤ ᠡᠳᠦᠷ ᠳᠦᠭᠦᠷᠡᠲᠡᠯ᠎ᠡ ᠠᠶᠠᠨᠴᠢᠳ ᠲᠡᠭᠡᠭᠡᠪᠦᠷᠢᠯᠡᠭᠰᠡᠨ ᠠᠶᠠᠨ ᠤ ᠮᠠᠰᠢᠨ ᠭᠠᠨᠵᠤᠭ᠎ᠠ ᠪᠠᠯᠭᠠᠰᠤ ᠠᠴᠠ ᠮᠣᠷᠳᠠᠨ ᠭᠠᠷᠴᠤ ᠬᠠᠢᠰᠤᠭᠠᠢ ᠰᠢᠶᠠᠩ ᠵᠦᠭ ᠳᠠᠪᠬᠢᠬᠤ ᠳᠠᠭᠠᠨ ᠵᠠᠮ ᠤᠨ ᠭᠤᠳᠤᠰ ᠭᠠᠯ ᠤᠨ ᠠᠶᠤᠯ ᠭᠠᠷᠴᠤ ᠲᠡᠷᠭᠡ ᠳᠦᠭᠦᠷᠡᠩ ᠤᠲᠤᠭ᠎ᠠ ᠭᠠᠯ ᠳᠡᠭᠳᠡᠵᠦ ᠠᠶᠠᠨᠴᠢᠳ ᠤᠨ ᠠᠮᠢ ᠨᠠᠰᠤ ᠠᠶᠤᠯ ᠳᠤ ᠤᠴᠠᠷᠠᠯ᠎ᠠ᠃ ᠨᠤᠲᠤᠭ ᠲᠠᠭᠠᠨ ᠪᠤᠴᠠᠵᠤ ᠲᠥᠷᠦᠯ ᠰᠠᠳᠤᠨ ᠢᠶᠠᠨ ᠡᠷᠭᠢᠵᠦ ᠦᠵᠡᠬᠦ ᠪᠡᠷ ᠶᠠᠪᠤᠭ᠎ᠠ ᠴᠢᠨᠳᠠᠮᠤᠨᠢ ᠶᠠᠭ ᠡᠨᠡ ᠲᠡᠷᠭᠡᠨ ᠳᠦ ᠰᠠᠭᠤᠵᠤ ᠪᠠᠢᠵᠠᠢ᠃ ᠲᠠᠢᠨ ᠮᠠᠰᠢᠨ ᠲᠡᠷᠭᠡᠨ ᠦ ᠡᠭᠦᠳᠡ ᠶᠢ ᠨᠡᠭᠡᠭᠡᠬᠦ ᠭᠡᠰᠡᠨ ᠳᠦ 40 ᠭᠠᠷᠤᠶ ᠠᠶᠠᠨᠴᠢᠳ ᠲᠡᠷᠭᠡᠨ ᠡᠭᠦᠳᠡᠨ ᠳᠡᠭᠡᠷ᠎ᠡ ᠪᠥᠭᠡᠮᠨᠡᠷᠡᠭᠰᠡᠨ ᠪᠠᠢᠵᠠᠢ᠃ ᠲᠡᠷᠡ ᠲᠡᠷᠭᠡᠨ ᠵᠢᠯᠤᠭᠤᠴᠢ ᠶ᠋ᠢᠨ ᠲᠡᠷᠭᠡ ᠵᠠᠰᠠᠳᠠᠭ ᠪᠠᠨᠽᠢ ᠶᠢ ᠠᠪᠴᠤ ᠲᠡᠷᠭᠡᠨ ᠦ ᠰᠢᠯ ᠢ ᠬᠡᠮᠬᠡᠴᠢᠵᠦ᠂ ᠦᠰᠦᠷᠦᠨ ᠭᠠᠷᠤᠭᠠᠳ ᠤᠷᠢᠳ ᠢᠶᠠᠷ ᠡᠮᠡᠭᠲᠡᠢᠴᠦᠳ ᠪᠠ ᠥᠲᠡᠭᠦᠰ ᠢ᠋ ᠠᠪᠤᠷᠠᠨ ᠭᠠᠷᠭᠠᠪᠠ᠃ ᠬᠠᠮᠤᠭ ᠤᠨ ᠰᠡᠭᠦᠯᠡᠷ ᠨᠢᠭᠡᠨ ᠰᠣᠬᠤᠷ ᠬᠥᠮᠦᠨ ᠢ᠋ ᠠᠪᠤᠷᠠᠨ ᠭᠠᠷᠭᠠᠬᠤ ᠳᠤ ᠲᠡᠭᠦᠨ ᠦ ᠳᠡᠪᠡᠯ ᠬᠤᠪᠴᠠᠰᠤᠨ ᠳᠤ ᠭᠠᠯ ᠵᠣᠯᠭᠠᠵᠤ ᠦᠰᠦ ᠭᠡᠵᠢᠭᠡ ᠨᠢ ᠰᠢᠲᠠᠵᠤ᠂ ᠲᠣᠯᠤᠭᠠᠢ ᠨᠢ ᠬᠣᠶᠠᠷ ᠬᠡᠰᠡᠭ ᠰᠢᠷᠬᠠᠲᠤᠵᠤ᠂ ᠲᠡᠩᠬᠡ ᠲᠠᠮᠢᠷ ᠢᠶᠠᠨ ᠠᠯᠳᠠᠵᠤ ᠬᠦᠰᠡᠷ ᠣᠢᠴᠢᠵᠠᠢ᠃ ᠠᠶᠠᠨᠴᠢᠳ ᠲᠡᠭᠦᠨ ᠢ ᠲᠡᠳᠭᠦᠨ 50 ᠭᠠᠷᠤᠶ ᠮᠧᠲ᠋ᠷ ᠵᠠᠢᠳᠠᠲᠠᠯ᠎ᠠ ᠮᠠᠰᠢᠨ ᠲᠡᠷᠭᠡ ᠳᠡᠯᠪᠡᠷᠡᠪᠡ᠃ ᠭᠡᠪᠡᠴᠦ 44 ᠠᠶᠠᠨᠴᠢᠳ ᠪᠣᠯᠤᠨ 2 ᠵᠢᠯᠤᠭᠤᠴᠢ ᠴᠢᠨᠳᠠᠮᠤᠨᠢ ᠶᠢᠨ ᠲᠤᠰᠠᠯᠠᠮᠵᠢ ᠪᠠᠷ ᠠᠮᠤᠷ ᠠᠮᠤᠭᠤᠯᠠᠩ ᠢᠶᠠᠷ ᠠᠶᠤᠯ ᠠᠴᠠ ᠮᠤᠯᠲᠤᠷᠠᠵᠠᠢ᠃ 1981 ᠣᠨ ᠤ 12 ᠰᠠᠷ᠎ᠠ ᠶᠢᠨ 3 ᠤ ᠡᠳᠦᠷ ᠲᠥᠪ ᠦ᠋ᠨ ᠴᠡᠷᠢᠭ ᠦᠨ ᠶᠠᠪᠤᠳᠠᠯ ᠤᠨ ᠬᠣᠷᠢᠶ᠎ᠠ ᠠᠴᠠ ᠴᠢᠨᠳᠠᠮᠤᠨᠢ ᠳᠤ 《ᠠᠷᠠᠳ ᠢᠶᠠᠨ ᠬᠠᠢᠷᠠᠯᠠᠬᠤ ᠵᠢᠱ᠌ᠢᠶᠡᠴᠢ》 ᠭᠡᠰᠡᠨ ᠢᠷᠠᠭᠤ ᠠᠯᠳᠠᠷᠲᠤ ᠴᠣᠯᠠ ᠣᠯᠭᠤᠭᠰᠠᠨ ᠶᠤᠮ᠃