ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠳ᠋ᠦᠸᠧ ᠰᠦᠩ ᠨᠢᠶᠠᠨ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠳ᠋ᠦᠸᠧ ᠰᠦᠩ ᠨᠢᠶᠠᠨ ︵ 1905—— 1927︶ ᠮᠣᠩᠭᠤᠯ ᠦᠨᠳᠦᠰᠦᠲᠡᠨ ᠦ ᠬᠠᠮᠤᠭ ᠤᠨ ᠡᠷᠲᠡᠨ ᠦ ᠬᠤᠪᠢᠰᠭᠠᠯ ᠤᠨ ᠲᠥᠯᠦᠭᠡ ᠠᠮᠢ ᠦᠷᠡᠭᠳᠡᠭᠰᠡᠨ ᠪᠠᠭᠠᠲᠤᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ 5 ᠳ᠋ᠤᠭᠠᠷ ᠤᠳᠠᠭᠠᠨ ᠤ ᠪᠦᠬᠦ ᠤᠯᠤᠰ ᠤᠨ ᠲᠥᠯᠦᠭᠡᠯᠡᠭᠴᠢᠳ ᠦ᠋ᠨ ᠶᠡᠬᠡ ᠬᠤᠷᠠᠯ ᠤᠨ ᠲᠥᠯᠦᠭᠡᠯᠡᠭᠴᠢ ᠮᠥᠨ᠃ ᠤᠭ ᠤᠨ ᠨᠡᠷ᠎ᠡ ᠨᠢ ᠳ᠋ᠦᠸᠧ ᠱᠧᠦ ᠭᠡᠳᠡᠭ᠃ ᠭᠦᠢᠰᠦ᠋ᠢ ︵ᠣᠳᠣ ᠶ᠋ᠢᠨ ᠬᠥᠬᠡᠬᠣᠲᠠ︶ᠬᠣᠲᠠ ᠶᠢᠨ ᠲᠡᠭᠦᠷᠭᠡ ᠶᠢᠨ ᠮᠠᠢᠬᠠᠨ ᠪᠠᠢᠰᠢᠩ ᠤᠨ ᠶᠠᠳᠠᠭᠤ ᠲᠠᠷᠢᠶᠠᠴᠢᠨ ᠤ ᠬᠡᠷ ᠲᠦ ᠲᠥᠷᠦᠭᠡᠳ ᠪᠠᠯᠴᠢᠷ ᠪᠠᠭ᠎ᠠ ᠨᠠᠰᠤᠨ ᠳᠠᠭᠠᠨ ᠭᠦᠢᠰᠦ᠋ᠢ ᠶᠢᠨ ᠱᠢ ᠸᠠᠩ ᠮᠢᠶᠣᠣ ᠮᠣᠩᠭᠤᠯ ᠪᠠᠭ᠎ᠠ ᠰᠤᠷᠭᠠᠭᠤᠯᠢ ᠪᠣᠯᠤᠨ ᠲᠦᠮᠡᠳ ᠦᠨ ᠥᠨᠳᠦᠷ ᠵᠡᠷᠭᠡ ᠶᠢᠨ ᠪᠠᠭ᠎ᠠ ᠰᠤᠷᠭᠠᠭᠤᠯᠢ ᠳᠤ ᠰᠤᠷᠤᠯᠴᠠᠵᠠᠢ᠃ ᠡᠨᠡ ᠬᠣᠭᠤᠷᠤᠨᠳᠤ ᠲᠡᠷᠡ 1921 ᠣᠨ ᠳᠤ ᠪᠣᠯᠤᠭᠰᠠᠨ ᠭᠦᠢᠰᠦ᠋ᠢ ᠶᠢᠨ ᠰᠤᠷᠤᠭᠴᠢᠳ ᠶᠠᠫᠣᠨ ᠠᠴᠠ ᠪᠠᠯᠠ ᠣᠷᠤᠭᠤᠯᠤᠭᠰᠠᠨ ᠴᠠᠬᠢᠯᠭᠠᠨ ᠳ᠋ᠧᠩ ᠦᠨ ᠺᠣᠮᠫᠠᠨᠢ ᠶᠢ ᠪᠠᠯᠪᠠᠴᠢᠭᠰᠠᠨ ᠪᠠ 1923 ᠣᠨ ᠳᠤ ᠶᠠᠫᠣᠨ ᠤ ᠡᠳ᠋ ᠪᠠᠷᠠᠭ᠎ᠠ ᠶᠢ ᠬᠣᠷᠢᠭᠯᠠᠭᠰᠠᠨ ᠵᠡᠷᠭᠡ ᠡᠵᠡᠷᠬᠡᠭ ᠲᠦᠷᠢᠮᠡᠬᠡᠢᠲᠡᠨ ᠢ ᠡᠰᠡᠷᠭᠦᠴᠡᠨ ᠤᠯᠤᠰ ᠢᠶᠠᠨ ᠬᠠᠢᠷᠠᠯᠠᠬᠤ ᠲᠡᠮᠡᠴᠡᠯ ᠳᠦ ᠢᠳᠡᠪᠬᠢᠲᠡᠢ ᠣᠷᠤᠯᠴᠠᠨ᠂ ᠤᠯᠠᠮ ᠢᠶᠠᠷ ᠰᠤᠷᠤᠭᠴᠢᠳ ᠤᠨ ᠬᠥᠳᠡᠯᠭᠡᠭᠡᠨ ᠦ ᠲᠤᠯᠭᠠᠭᠤᠷ ᠪᠠᠭᠠᠨ᠎ᠠ ᠪᠣᠯᠵᠠᠢ᠃ 1923 ᠣᠨ ᠳᠤ ᠪᠡᠭᠡᠵᠢᠩ ᠳᠡᠬᠢ ᠮᠣᠩᠭᠤᠯ ᠲᠥᠪᠡᠳ ᠦ᠋ᠨ ᠰᠤᠷᠭᠠᠭᠤᠯᠢ ᠳᠤ ᠰᠢᠯᠭᠠᠨ ᠣᠷᠤᠵᠤ᠂ ᠯᠢ ᠳ᠋ᠡ ᠵᠣᠣ᠂ ᠳ᠋ᠧᠩ ᠵᠦᠩ ᠱᠢ?᠂ ᠬᠤᠸᠠᠩ ᠿᠢ ᠭᠦᠢ ᠨᠡᠷ ᠡᠪ ᠬᠠᠮᠲᠤ ᠶᠢᠨ ᠦᠵᠡᠯ ᠰᠠᠨᠠᠭᠠᠨ ᠤ ᠨᠥᠯᠦᠭᠡᠯᠡᠯ ᠢ᠋ ᠬᠦᠷᠲᠡᠵᠦ ᠢᠷᠡᠬᠦ ᠵᠢᠯ ᠦᠨ ᠡᠬᠢᠨ ᠳᠦ ᠳᠤᠮᠳᠠᠳᠤ ᠤᠯᠤᠰ ᠤᠨ ᠨᠡᠢᠭᠡᠮ ᠵᠢᠷᠤᠮᠲᠤ ᠵᠠᠯᠠᠭᠤᠴᠤᠳ ᠤᠨ ᠡᠪᠯᠡᠯ ᠳᠦ ᠡᠯᠰᠡᠭᠳᠡᠵᠦ ᠮᠣᠩᠭᠤᠯ ᠲᠥᠪᠡᠳ ᠰᠤᠷᠭᠠᠭᠤᠯᠢ ᠶᠢᠨ ᠡᠪᠯᠡᠯ ᠦᠨ ᠡᠭᠦᠷ ᠦᠨ ᠬᠠᠷᠢᠭᠤᠴᠠᠯᠭᠠᠲᠠᠨ ᠨᠢ ᠪᠣᠯᠵᠠᠢ᠃ ᠳᠡᠮᠡᠢ ᠤᠳᠠᠯ ᠦᠭᠡᠢ ᠪᠡᠷ ᠳᠤᠮᠳᠠᠳᠤ ᠤᠯᠤᠰ ᠤᠨ ᠡᠪ ᠬᠠᠮᠲᠤ ᠨᠠᠮ ᠳᠤ ᠰᠢᠯᠵᠢᠨ ᠣᠷᠤᠵᠤ ᠮᠣᠩᠭᠤᠯ ᠦᠨᠳᠦᠰᠦᠲᠡᠨ ᠦ ᠬᠠᠮᠤᠭ ᠡᠷᠲᠡᠨ ᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠦ ᠨᠢᠭᠡ ᠨᠢ ᠪᠣᠯᠪᠠ᠃ ᠨᠠᠮ ᠤᠨ ᠵᠣᠬᠢᠶᠠᠨ ᠪᠠᠢᠭᠤᠯᠤᠯᠲᠠ ᠠᠴᠠ ᠲᠡᠭᠦᠨ ᠢ ᠰᠡᠩᠬᠡᠷᠡᠭᠦᠯᠦᠨ ᠴᠥᠭᠡᠨ ᠲᠣᠭᠠᠲᠤ ᠦᠨᠳᠦᠰᠦᠲᠡᠨ ᠦ ᠴᠢᠯᠦᠭᠡᠯᠡᠯᠲᠡ ᠪᠣᠯᠤᠨ ᠲᠡᠮᠡᠴᠡᠯ ᠦᠨ ᠠᠰᠠᠭᠤᠳᠠᠯ ᠢ ᠰᠢᠨᠵᠢᠯᠡᠨ ᠰᠤᠳᠤᠯᠤᠭᠤᠯᠵᠤ᠂ ᠲᠡᠭᠦᠨ ᠢᠶᠡᠷ ᠪᠡᠭᠡᠵᠢᠩ ᠬᠣᠲᠠ ᠶᠢᠨ ᠪᠠᠷᠠᠭᠤᠨ ᠬᠣᠲᠠ ᠶᠢᠨ ᠲᠣᠭᠤᠷᠢᠭ ᠤᠨ ᠨᠠᠮ ᠤᠨ ᠵᠣᠬᠢᠶᠠᠨ ᠪᠠᠢᠭᠤᠯᠤᠯᠲᠠ ᠶᠢᠨ ᠤᠬᠠᠭᠤᠯᠬᠤ ᠭᠡᠰᠢᠭᠦᠨ ᠦ ᠲᠤᠰᠢᠶᠠᠯ ᠢ ᠬᠠᠷᠢᠭᠤᠴᠠᠭᠤᠯᠵᠤ 《ᠮᠣᠩᠭᠤᠯ ᠲᠠᠷᠢᠶᠠᠴᠢᠨ》 ᠬᠡᠮᠡᠬᠦ ᠰᠡᠳᠭᠦᠯ ᠢ᠋ ᠡᠷᠬᠢᠯᠡᠭᠦᠯᠵᠡᠢ᠃ ᠰᠡᠳᠭᠦᠯ ᠢ᠋ᠶ᠋ᠡᠨ ᠰᠠᠢᠲᠤᠷ ᠡᠷᠬᠢᠯᠡᠬᠦ ᠶᠢᠨ ᠲᠥᠯᠦᠭᠡ ᠲᠡᠷᠡ ᠪᠡᠭᠡᠵᠢᠩ ᠡᠴᠡ ᠰᠠᠯᠵᠤ᠂ ᠮᠣᠩᠭᠤᠯᠴᠤᠳ ᠤ᠋ᠨ ᠲᠥᠪᠯᠡᠷᠡᠨ ᠰᠠᠭᠤᠭ᠎ᠠ ᠴᠠᠬᠠᠷ᠂ ᠰᠦᠢᠶᠤᠸᠠᠨ ᠣᠷᠴᠢᠮ ᠢᠶᠠᠷ ᠭᠦᠨᠵᠡᠭᠡᠢᠷᠡᠨ ᠨᠡᠢᠭᠡᠮ ᠦᠨ ᠪᠠᠢᠴᠠᠭᠠᠯᠲᠠ ᠬᠢᠭᠰᠡᠨ ᠶᠤᠮ᠃ 《ᠮᠣᠩᠭᠤᠯ ᠲᠠᠷᠢᠶᠠᠴᠢᠨ》 ᠤ ᠠᠩᠬ᠎ᠠ ᠬᠡᠪᠯᠡᠯ ᠨᠢ ᠯᠢ ᠳ᠋ᠡ ᠵᠣᠣ ᠨᠠᠷ ᠤ᠋ᠨ ᠥᠨᠳᠦᠷ ᠦᠨᠡᠯᠡᠯ ᠢ ᠣᠯᠣᠭᠰᠠᠨ ᠶᠤᠮ᠃ ᠯᠢ ᠳ᠋ᠡ ᠵᠣᠣ ᠬᠡᠯᠡᠬᠦ ᠳᠡᠭᠡᠨ 《ᠲᠠᠨᠤᠰ ᠡᠢᠮᠦᠷᠬᠦᠦ ᠣᠬᠤᠷ ᠬᠤᠭᠤᠴᠠᠭᠠᠨ ᠳᠤ ᠡᠢᠮᠦ ᠳᠠᠢᠴᠢᠨ ᠬᠦᠴᠦᠨ ᠢᠶᠡᠷ ᠰᠠᠢᠨ ᠰᠡᠳᠭᠦᠯ ᠢ᠋ ᠡᠷᠬᠢᠯᠡᠭᠰᠡᠨ ᠨᠢ ᠦᠨᠡᠬᠡᠷ ᠰᠡᠳᠭᠢᠰᠢ ᠦᠭᠡᠢ ᠶᠠᠪᠤᠳᠠᠯ ᠮᠥᠨ》 ᠭᠡᠵᠡᠢ᠃ 《ᠵᠣᠬᠢᠶᠠᠯ ᠨᠢ ᠣᠨᠤᠯ ᠲᠠᠢ ᠮᠥᠷᠲᠡᠭᠡᠨ ᠪᠣᠳᠠᠲᠤ ᠬᠡᠷᠡᠭ ᠲᠡᠢ᠂ ᠠᠭᠤᠯᠭ᠎ᠠ ᠪᠠᠷ ᠲᠡᠭᠦᠯᠳᠡᠷ ᠪᠥᠭᠡᠳ ᠳᠠᠢᠴᠢᠨ ᠬᠦᠴᠦ ᠪᠡᠷ ᠴᠢᠩᠭ᠎ᠠ᠂ ᠤᠷᠢᠶᠠᠯᠠᠬᠤ ᠬᠦᠴᠦ ᠪᠡᠷ ᠡᠷᠴᠢᠮ ᠲᠡᠢ ᠭᠡᠵᠦ ᠳ᠋ᠧᠩ ᠵᠦᠩ ᠰᠢᠶᠠᠨ᠂ ᠵᠣᠣ ᠱᠢ ᠶᠠᠨ ᠨᠠᠷ ᠮᠠᠭᠲᠠᠵᠠᠢ᠃ ᠲᠤᠬᠠᠶ ᠤ᠋ᠨ ᠦᠶ᠎ᠡ ᠳᠦ 《ᠮᠣᠩᠭᠤᠯ ᠲᠠᠷᠢᠶᠠᠴᠢᠨ》 ᠬᠡᠮᠡᠬᠦ ᠰᠡᠳᠭᠦᠯ ᠨᠢ 《ᠵᠠᠮᠴᠢ》᠂ 《ᠰᠢᠨ᠎ᠡ ᠵᠠᠯᠠᠭᠤᠴᠤᠳ》᠂ 《ᠠᠵᠢᠯᠴᠢᠨ ᠤ ᠵᠠᠮ》 ᠮᠡᠲᠦ ᠶᠢᠨ ᠰᠡᠳᠭᠦᠯ  ᠣᠷᠤᠨ ᠲᠠᠢ ᠵᠡᠷᠭᠡ ᠪᠡᠷ ᠣᠯᠠᠨ ᠭᠠᠵᠠᠷ ᠲᠤ ᠲᠠᠷᠬᠠᠭᠠᠭᠳᠠᠵᠤ ᠣᠯᠠᠨ ᠲᠦᠮᠡᠨ ᠦ ᠳᠤᠮᠳᠠ ᠶᠡᠬᠡ ᠨᠥᠯᠦᠭᠡ ᠲᠤᠰᠭᠠᠯ ᠭᠠᠷᠤᠭᠰᠠᠨ ᠪᠠᠢᠵᠠᠢ᠃ 1925 ᠣᠨ ᠤ 10 ᠰᠠᠷ᠎ᠠ ᠳᠤ᠂ ᠲᠡᠷᠡ ᠴᠢᠭᠤᠯᠤᠯᠲᠤ ᠬᠠᠭᠠᠯᠭ᠎ᠠ ᠳᠤ ᠬᠦᠷᠴᠦ ᠥᠪᠦᠷ ᠮᠣᠩᠭᠤᠯ ᠤ᠋ᠨ ᠠᠷᠠᠳ ᠤᠨ ᠬᠤᠪᠢᠰᠭᠠᠯᠲᠤ ᠨᠠᠮ ᠤᠨ ᠠᠩᠬᠠᠳᠤᠭᠠᠷ ᠤᠳᠠᠭᠠᠨ ᠤ ᠲᠥᠯᠦᠭᠡᠯᠡᠭᠴᠢᠳ ᠦ᠋ᠨ ᠶᠡᠬᠡ ᠬᠤᠷᠠᠯ ᠳᠤ ᠣᠷᠤᠯᠴᠠᠭ᠎ᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠳ ᠲᠦ ᠯᠢ ᠳ᠋ᠡ ᠵᠣᠣ ᠶ᠋ᠢᠨ ᠵᠢᠭᠠᠪᠤᠷᠢ ᠶᠢ ᠤᠯᠠᠮᠵᠢᠯᠠᠨ ᠥᠭᠪᠡ᠃ ᠳᠡᠮᠡᠢ ᠤᠳᠠᠭ᠎ᠠ ᠦᠭᠡᠢ ᠪᠡᠷ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠣᠬᠢᠶᠠᠨ ᠪᠠᠢᠭᠤᠯᠤᠯᠲᠠ ᠶᠢᠨ ᠲᠣᠮᠢᠯᠠᠯᠭ᠎ᠠ ᠪᠠᠷ ᠮᠤᠰᠺᠸᠠ ᠳ᠋ᠤ᠌ ᠣᠴᠢᠵᠤ ᠵᠦᠩ ᠱᠠᠨ ᠶᠡᠬᠡ ᠰᠤᠷᠭᠠᠭᠤᠯᠢ ᠳᠤ ᠰᠤᠷᠤᠯᠴᠠᠭᠰᠠᠨ ᠶᠤᠮ᠃ ᠭᠠᠳᠠᠭᠠᠳᠤ ᠳᠤ ᠭᠠᠷᠬᠤ ᠠᠴᠠ ᠡᠮᠦᠨ᠎ᠡ ᠯᠢ ᠳ᠋ᠡ ᠵᠣᠣ᠂ ᠳ᠋ᠧᠩ ᠵᠦᠩ ᠰᠢᠶᠠᠨ᠂ ᠵᠣᠣ ᠱᠢ ᠶᠠᠨ ᠵᠡᠷᠭᠡ ᠤᠳᠤᠷᠢᠳᠬᠤ ᠨᠤᠭᠤᠳ ᠳ᠋ᠦᠸᠧ ᠰᠦᠩ ᠨᠢᠶᠠᠨ ᠳᠤ ᠵᠥᠪᠯᠡᠯᠲᠦ ᠶ᠋ᠢᠨ ᠪᠠᠢᠳᠠᠯ ᠢ ᠲᠠᠨᠢᠯᠴᠠᠭᠤᠯᠤᠨ ᠥᠭᠴᠦ ᠲᠡᠭᠦᠨ ᠳᠦ ᠨᠠᠩ ᠥᠨᠳᠦᠷ ᠱᠠᠭᠠᠷᠳᠠᠯᠭ᠎ᠠ ᠳᠤᠷᠠᠳᠪᠠ᠃ ᠲᠡᠷᠡ ᠵᠥᠪᠯᠡᠯᠲᠦ ᠬᠣᠯᠪᠤᠭᠠᠲᠤ ᠤᠯᠤᠰ ᠲᠤ ᠬᠠᠮᠲᠤ ᠳᠠᠭᠠᠨ ᠰᠤᠷᠤᠯᠴᠠᠬᠤ ᠪᠠᠷ ᠶᠠᠪᠤᠬᠤ ᠭᠡᠵᠦ ᠪᠠᠢᠭ᠎ᠠ ᠤᠯᠠᠭᠠᠨᠬᠦᠦ᠂ ᠹᠦᠧᠸ ᠳ᠋ᠢᠩ ᠨᠡᠷ ᠢ ᠳᠤᠮᠳᠠᠳᠤ ᠤᠯᠤᠰ ᠤᠨ ᠡᠪ ᠬᠠᠮᠲᠤ ᠨᠠᠮ ᠳᠤ ᠡᠯᠰᠡᠬᠦ ᠪᠡᠷ ᠲᠠᠨᠢᠯᠴᠠᠭᠤᠯᠬᠤ ᠠᠰᠠᠭᠤᠳᠠᠯ ᠢ ᠳᠤᠷᠠᠳᠤᠨ ᠭᠠᠷᠭᠠᠵᠤ ᠯᠢ ᠳ᠋ᠡ ᠵᠣᠣ ᠨᠠᠷ ᠤ᠋ᠨ ᠵᠥᠪᠰᠢᠶᠡᠷᠡᠯ ᠢ᠋ ᠣᠯᠵᠤ ᠤᠯᠠᠭᠠᠨᠬᠦᠦ᠂ ᠹᠦᠧᠸ ᠳ᠋ᠢᠩ᠂ ᠵᠣᠣ ᠴᠧᠩ ᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠵᠦ ᠲᠡᠭᠦᠨ ᠢᠶᠡᠷ ᠳᠤᠭᠤᠢᠯᠠᠩ ᠤᠨ ᠳᠠᠷᠤᠭ᠎ᠠ ᠪᠣᠯᠭᠠᠭᠰᠠᠨ ᠨᠠᠮ ᠤᠨ ᠪᠠᠭ᠎ᠠ ᠳᠤᠭᠤᠢᠯᠠᠩ ᠢ ᠵᠣᠬᠢᠶᠠᠨ ᠪᠠᠢᠭᠤᠯᠵᠤ᠂ ᠵᠠᠮ ᠬᠤᠪᠢᠶᠠᠨ ᠱᠠᠩᠬᠠᠢ ᠳᠤ ᠴᠤᠭᠯᠠᠷᠠᠨ ᠭᠠᠳᠠᠭᠠᠳᠤ ᠳᠤ ᠰᠤᠷᠤᠯᠴᠠᠬᠤ ᠪᠠᠷ ᠮᠣᠷᠳᠠᠵᠠᠢ᠃ ᠵᠣᠣ ᠱᠢ ᠶᠠᠨ ᠪᠡᠶ᠎ᠡ ᠪᠡᠷ ᠢᠶᠡᠨ ᠲᠠᠳᠠᠨᠤᠰ ᠢ ᠬᠦᠷᠭᠡᠵᠦ᠂ ᠵᠥᠪᠯᠡᠯᠲᠦ ᠵᠦᠭ ᠨᠡᠭᠦᠷᠡᠰᠦ ᠲᠡᠭᠡᠭᠡᠪᠦᠷᠢᠯᠡᠬᠦ ᠠᠴᠢᠶᠠᠨ ᠤ ᠣᠩᠭᠣᠴᠠ ᠳᠤ ᠭᠠᠷᠭᠠᠪᠠ᠃ ᠮᠤᠰᠺᠸᠠ ᠶᠢᠨ ᠵᠦᠩ ᠱᠠᠨ ᠶᠡᠬᠡ ᠰᠤᠷᠭᠠᠭᠤᠯᠢ ᠳᠤ ᠳᠤᠮᠳᠠᠳᠤ ᠤᠯᠤᠰ ᠤᠨ ᠡᠪ ᠬᠠᠮᠲᠤ ᠨᠠᠮ ᠠᠴᠠ ᠭᠤᠷᠪᠠᠳᠤᠭᠠᠷ ᠢᠨᠲ᠋ᠧᠷᠨᠠᠼᠢᠣᠨᠠᠯ ᠳᠤ ᠰᠠᠭᠤᠭ᠎ᠠ ᠲᠥᠯᠦᠭᠡᠯᠡᠭᠴᠢ ᠴᠢᠤᠶ ᠴᠢᠦ ᠪᠠᠢ ᠲᠡᠭᠦᠨ ᠢ ᠬᠦᠯᠢᠶᠡᠨ ᠠᠪᠴᠤ ᠠᠭᠤᠯᠵᠠᠵᠠᠢ᠃ ᠵᠦᠩᠱᠠᠨ ᠶᠡᠬᠡ ᠰᠤᠷᠭᠠᠭᠤᠯᠢ ᠪᠣᠯᠤᠨ ᠳᠣᠷᠤᠨ᠎ᠠ ᠳ᠋ᠠᠬᠢᠨ ᠤ ᠶᠡᠬᠡ ᠰᠤᠷᠭᠠᠭᠤᠯᠢ ᠳᠤ ᠰᠲ᠋ᠠᠯᠢᠨ ᠤ ᠬᠢᠭᠰᠡᠨ ᠢᠯᠡᠳᠭᠡᠯ ᠪᠣᠯᠤᠨ ᠯᠧᠨᠢᠨ ᠦ ᠬᠠᠲᠤᠨ ᠭᠧᠷᠦᠫᠦᠰᠭᠡᠶ᠎ᠡ ᠶᠢᠨ ᠬᠢᠴᠢᠶᠡᠯ ᠢ ᠲᠡᠷᠡ ᠪᠡᠶ᠎ᠡ ᠪᠡᠷ ᠢᠶᠡᠨ ᠰᠣᠨᠤᠰᠴᠤ᠂ ᠬᠠᠲᠠᠭᠤᠵᠢᠯᠲᠠᠢ ᠰᠤᠷᠤᠯᠴᠠᠳᠠᠭ ᠠᠴᠠ ᠬᠢᠷᠢ ᠪᠦᠲᠦᠮᠵᠢ ᠨᠢ ᠲᠣᠩ ᠰᠠᠢᠨ ᠪᠠᠢᠵᠤ ᠰᠠᠢᠰᠢᠶᠠᠯ ᠱᠠᠩᠨᠠᠯ ᠢ ᠣᠯᠠᠨ ᠤᠳᠠᠭ᠎ᠠ ᠬᠦᠷᠲᠡᠭᠰᠡᠨ ᠶᠤᠮ᠃ 1926 ᠣᠨ ᠳᠤ ᠲᠡᠷᠡ ᠨᠠᠮ ᠤᠨ ᠵᠣᠬᠢᠶᠠᠨ ᠪᠠᠢᠭᠤᠯᠤᠯᠲᠠ ᠶᠢᠨ ᠲᠥᠯᠦᠭᠡᠯᠡᠭᠴᠢ ᠪᠣᠯᠤᠭᠰᠠᠨ ᠴᠢᠤᠶ ᠴᠢᠦ ᠪᠠᠢ ᠶᠢᠨ ᠲᠣᠮᠢᠯᠠᠭ᠎ᠠ ᠪᠠᠷ ᠤᠯᠤᠰ ᠲᠠᠭᠠᠨ ᠪᠤᠴᠠᠵᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠴᠠᠬᠠᠷ ᠲᠠᠬᠢ ᠠᠵᠢᠯ ᠤᠨ ᠺᠣᠮᠢᠰ ᠤᠨ ᠱᠦᠵᠢ ᠶᠢᠨ ᠲᠤᠰᠢᠶᠠᠯ ᠢ ᠬᠠᠷᠢᠭᠤᠴᠠᠵᠤ᠂ ᠴᠠᠬᠠᠷ᠂ ᠰᠦᠢᠶᠤᠸᠠᠨ ᠪᠣᠯᠤᠨ ᠥᠪᠦᠷ ᠮᠣᠩᠭᠤᠯ ᠤ᠋ᠨ ᠬᠤᠪᠢᠰᠭᠠᠯᠲᠤ ᠲᠡᠮᠡᠴᠡᠯ ᠢ ᠬᠠᠷᠢᠭᠤᠴᠠᠨ ᠤᠳᠤᠷᠢᠳᠴᠠᠢ᠃ ᠡᠨᠡ ᠦᠶ᠎ᠡ ᠳᠦ ᠴᠠᠬᠠᠷ ᠨᠤᠲᠤᠭ ᠤᠨ ᠪᠠᠢᠳᠠᠯ ᠬᠦᠨᠳᠦ ᠬᠡᠴᠡᠭᠦᠦ ᠪᠣᠯᠵᠤ ᠪᠡᠭᠡᠵᠢᠩ ᠡᠴᠡ ᠰᠦᠢᠶᠤᠸᠠᠨ ᠬᠦᠷᠬᠦ ᠵᠠᠮ ᠳᠠᠭᠠᠤ ᠪᠠᠷᠠᠭᠤᠨᠰᠢᠯᠠᠨ ᠭᠣᠮᠢᠨᠳᠠᠩ ᠤᠨ ᠴᠡᠷᠢᠭ ᠪᠣᠯᠤᠨ ᠥᠪᠦᠷ ᠮᠣᠩᠭᠤᠯ ᠤ᠋ᠨ ᠬᠤᠪᠢᠰᠭᠠᠯᠲᠤ ᠴᠡᠷᠢᠭ ᠢ ᠨᠡᠬᠡᠮᠵᠢᠯᠡᠨ ᠴᠣᠬᠢᠳᠠᠭ ᠴᠡᠷᠢᠭ ᠦᠨ ᠡᠷᠬᠡᠲᠡᠨ ᠵᠠᠩ ᠽᠦᠸᠧ ᠯᠢᠨ ᠶᠠᠭ ᠡᠪ ᠬᠠᠮᠲᠤ ᠨᠠᠮ ᠢ ᠪᠠᠷᠢᠪᠴᠢᠯᠠᠨ ᠠᠯᠠᠵᠤ᠂ ᠭᠣᠮᠢᠨᠳᠠᠩ ᠤᠨ ᠪᠠᠷᠠᠭᠤᠨᠲᠠᠨ ᠬᠤᠪᠢᠰᠤᠯ ᠭᠠᠷᠭᠠᠬᠤ ᠪᠠᠷ ᠤᠷᠤᠯᠳᠤᠵᠤ ᠪᠠᠢᠪᠠ᠃ ᠳ᠋ᠦᠸᠧ ᠰᠦᠩ ᠨᠢᠶᠠᠨ ᠴᠢᠭᠤᠯᠤᠯᠲᠤ ᠬᠠᠭᠠᠯᠭ᠎ᠠ ᠳᠤ ᠬᠦᠷᠦᠮᠡᠭᠴᠡ ᠪᠡᠨ ᠦᠢᠯᠡᠳᠪᠦᠷᠢ ᠳᠦ ᠭᠦᠨᠵᠡᠭᠡᠢᠷᠡᠨ᠂ ᠰᠤᠷᠭᠠᠭᠤᠯᠢ ᠳᠤ ᠣᠴᠢᠵᠤ᠂ ᠬᠥᠳᠡᠭᠡ ᠪᠠᠭᠤᠵᠤ ᠬᠤᠪᠢᠰᠭᠠᠯ ᠤᠨ ᠤᠬᠠᠭᠤᠯᠭ᠎ᠠ ᠶᠢ ᠬᠢᠵᠦ᠂ ᠤᠬᠠᠭᠤᠯᠭ᠎ᠠ ᠶᠢᠨ ᠬᠠᠭᠤᠳᠠᠰᠤ ᠶᠢ ᠲᠠᠷᠬᠠᠭᠠᠭᠰᠠᠨ ᠶᠤᠮ᠃ ᠡᠨᠡ ᠬᠦ ᠬᠣᠭᠤᠷᠤᠨᠳᠤ ᠪᠠᠰᠠ ᠭᠦᠢᠰᠦ᠋ᠢ᠂ ᠪᠤᠭᠤᠲᠤ ᠳᠤ ᠬᠦᠷᠴᠦ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠳᠤ ᠣᠷᠤᠨ ᠤ᠋ ᠲᠣᠪᠴᠢᠶ᠎ᠠ ᠶᠢᠨ ᠵᠢᠭᠠᠪᠤᠷᠢ ᠶᠢ ᠤᠯᠠᠮᠵᠢᠯᠠᠨ ᠶᠦᠩ ᠹᠦ ᠨᠥᠬᠦᠷ ᠢ᠋ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠣᠬᠢᠶᠠᠨ ᠪᠠᠢᠭᠤᠯᠤᠯᠲᠠ ᠳᠤ ᠡᠯᠰᠡᠵᠡᠢ᠃ 1927 ᠣᠨ ᠤ 4 ᠰᠠᠷ᠎ᠠ ᠳᠤ ᠤᠮᠠᠷᠠᠰᠢ ᠳᠠᠢᠯᠠᠬᠤ ᠴᠡᠷᠢᠭ ᠢᠯᠠᠯᠲᠠ ᠲᠠᠢ ᠤᠷᠤᠭᠰᠢᠯᠠᠵᠤ ᠶᠠᠪᠤᠭ᠎ᠠ ᠦᠶ᠎ᠡ ᠳᠦ ᠵᠢᠶᠠᠩ ᠵᠢᠶᠧ ᠱᠢ ᠪᠡᠷ ᠲᠥᠯᠦᠭᠡᠯᠡᠭᠦᠯᠦᠭᠰᠡᠨ ᠭᠣᠮᠢᠨᠳᠠᠩ ᠤᠨ ᠪᠠᠷᠠᠭᠤᠨᠲᠠᠨ 《4• 12》 ᠦᠨ ᠬᠤᠪᠢᠰᠭᠠᠯ ᠤᠨ ᠡᠰᠡᠷᠭᠦ ᠬᠡᠷᠡᠭ ᠬᠤᠪᠢᠰᠤᠯ ᠭᠠᠷᠭᠠᠵᠤ᠂ ᠪᠡᠭᠡᠵᠢᠩ ᠳᠦ ᠡᠭᠦᠷᠯᠡᠵᠦ ᠪᠠᠢᠭᠰᠠᠨ ᠵᠠᠩ ᠽᠦᠸᠧ ᠯᠢᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠠᠷᠮᠠᠭᠠᠢ ᠤᠳᠤᠷᠢᠳᠤᠭᠴᠢ ᠯᠢ ᠳ᠋ᠡ ᠵᠣᠣ ᠨᠥᠬᠦᠷ ᠢ᠋ ᠪᠠᠷᠢᠪᠴᠢᠯᠠᠨ ᠠᠯᠠᠪᠠ᠃ ᠴᠠᠭ ᠤᠨ ᠪᠠᠢᠳᠠᠯ ᠢ ᠠᠷᠭᠠᠴᠠᠭᠠᠬᠤ ᠶᠢᠨ ᠲᠥᠯᠦᠭᠡ ᠳᠤᠮᠳᠠᠳᠤ ᠤᠯᠤᠰ ᠤᠨ ᠡᠪ ᠬᠠᠮᠲᠤ ᠨᠠᠮ ᠬᠠᠨᠺᠧᠦ ᠳ᠋ᠦ᠍ 5 ᠳ᠋ᠤᠭᠠᠷ ᠤᠳᠠᠭᠠᠨ ᠤ ᠪᠦᠬᠦ ᠤᠯᠤᠰ ᠤᠨ ᠲᠥᠯᠦᠭᠡᠯᠡᠭᠴᠢᠳ ᠦ᠋ᠨ ᠶᠡᠬᠡ ᠬᠤᠷᠠᠯ ᠢ ᠬᠤᠷᠠᠯᠳᠤᠭᠤᠯᠤᠭᠰᠠᠨ ᠳᠤ ᠳ᠋ᠦᠸᠧ ᠰᠦᠩ ᠨᠢᠶᠠᠨ ᠥᠪᠦᠷ ᠮᠣᠩᠭᠤᠯ ᠤ᠋ᠨ ᠴᠠᠬᠠᠷ ᠪᠣᠯᠤᠨ ᠰᠦᠢᠶᠤᠸᠠᠨ ᠣᠷᠤᠨ ᠤ᠋ ᠲᠥᠯᠦᠭᠡᠯᠡᠭᠴᠢ ᠪᠡᠷ ᠶᠡᠬᠡ ᠬᠤᠷᠠᠯ ᠳᠤ ᠣᠷᠤᠯᠴᠠᠭᠰᠠᠨ ᠶᠤᠮ᠃ ᠬᠤᠷᠠᠯ ᠳᠡᠭᠡᠷ᠎ᠡ ᠲᠡᠷᠡ ᠲᠤᠰᠭᠠᠢᠯᠠᠨ ᠮᠠᠤ ᠽᠸ ᠳ᠋ᠦᠩ ᠨᠥᠬᠦᠷ ᠢ᠋ ᠡᠷᠢᠵᠦ ᠠᠵᠢᠯ ᠤᠨ ᠬᠠᠷᠢᠭᠤ ᠮᠡᠳᠡᠭᠦᠯᠦᠯᠲᠡ ᠬᠢᠭᠰᠡᠨ ᠪᠠᠢᠵᠠᠢ᠃ ᠬᠤᠷᠠᠯ ᠤᠨ ᠳᠠᠷᠠᠭ᠎ᠠ ᠲᠡᠷᠡ ᠴᠢᠭᠤᠯᠤᠯᠲᠤ ᠬᠠᠭᠠᠯᠭ᠎ᠠ ᠳᠤ ᠪᠤᠴᠠᠨ ᠢᠷᠡᠬᠦ ᠳᠦ ᠴᠡᠷᠢᠭ ᠴᠠᠭᠳᠠᠭ᠎ᠠ ᠶᠢᠨ ᠱᠠᠩᠨᠠᠯ ᠥᠭᠴᠦ ᠪᠠᠷᠢᠪᠴᠢᠯᠠᠬᠤ 《ᠴᠢᠬᠤᠯᠠ ᠶᠠᠯᠠᠲᠠᠨ》 ᠪᠣᠯᠴᠢᠬᠠᠭᠰᠠᠨ ᠪᠠᠢᠵᠠᠢ᠃ ᠲᠡᠷᠡ 《ᠲᠠᠪᠤᠳᠤᠭᠠᠷ ᠶᠡᠬᠡ ᠬᠤᠷᠠᠯ》 ᠤᠨ ᠵᠣᠷᠢᠭ ᠰᠠᠨᠠᠭ᠎ᠠ ᠶᠢ ᠤᠯᠠᠮᠵᠢᠯᠠᠬᠤ ᠶᠢᠨ ᠬᠠᠮᠲᠤ ᠨᠢᠭᠤᠴᠠ ᠪᠢᠴᠢᠭ᠌ ᠮᠠᠲ᠋ᠧᠷᠢᠶᠠᠯ ᠢᠶᠠᠨ ᠨᠢᠭᠤᠨ ᠳᠠᠯᠳᠠᠯᠠᠵᠤ ᠨᠡᠭᠦᠯᠭᠡᠨ ᠰᠢᠯᠵᠢᠭᠦᠯᠪᠡ᠃ ᠡᠨᠡ ᠬᠦ ᠬᠣᠭᠤᠷᠤᠨᠳᠤ ᠲᠡᠷᠡ ᠪᠠᠰᠠ ᠭᠦᠢᠰᠦ᠋ᠢ ᠳᠦ ᠪᠤᠴᠠᠨ ᠬᠠᠷᠢᠵᠤ ᠳᠠᠢᠴᠢᠨ ᠨᠤᠭᠤᠳ᠂ ᠲᠥᠷᠦᠯ ᠰᠠᠳᠤᠨ ᠪᠠ ᠡᠬᠡᠨᠡᠷ ᠯᠠᠨ ᠯᠠᠨ ᠤ ᠪᠠᠨ ᠬᠠᠯᠬᠠᠪᠴᠢ ᠳᠣᠣᠷ᠎ᠠ 《ᠲᠠᠪᠤᠳᠤᠭᠠᠷ ᠶᠡᠬᠡ ᠬᠤᠷᠠᠯ》 ᠤᠨ ᠵᠣᠷᠢᠭ ᠰᠠᠨᠠᠭ᠎ᠠ ᠶᠢ ᠤᠯᠠᠮᠵᠢᠯᠠᠭᠰᠠᠨ ᠶᠤᠮ᠃ ᠲᠡᠷᠡ ᠥᠪᠡᠷ ᠦ᠋ᠨ ᠪᠡᠶ᠎ᠡ ᠪᠡᠨ ᠲᠤᠢᠯ ᠤᠨ ᠲᠦᠭᠰᠢᠭᠦᠷᠢᠲᠡᠢ ᠪᠠᠢᠳᠠᠯ ᠳᠤ ᠣᠷᠤᠭᠰᠠᠨ ᠢ᠋ᠶ᠋ᠠᠨ ᠢᠯᠡ ᠮᠡᠳᠡᠵᠦ ᠪᠠᠢᠭᠠᠳ᠂ ᠪᠢᠴᠢᠭ ᠮᠠᠲ᠋ᠧᠷᠢᠶᠠᠯ ᠢᠶᠠᠨ ᠪᠤᠰᠠᠨᠢᠭᠤᠯᠵᠤ᠂ ᠵᠣᠬᠢᠶᠠᠨ ᠪᠠᠢᠭᠤᠯᠤᠯᠲᠠ ᠪᠠᠨ ᠬᠠᠮᠠᠭᠠᠯᠠᠨ᠂ ᠬᠠᠨᠢ ᠨᠤᠭᠤᠳ ᠢ᠋ᠶ᠋ᠠᠨ ᠬᠠᠮᠠᠭᠠᠯᠠᠬᠤ ᠶᠢᠨ ᠲᠥᠯᠦᠭᠡ ᠡᠷᠡᠭᠡᠯᠵᠡᠭᠡ ᠦᠭᠡᠢ ᠪᠡᠷ ᠴᠢᠭᠤᠯᠤᠯᠲᠤ ᠬᠠᠭᠠᠯᠭ᠎ᠠ ᠳᠤ ᠪᠤᠴᠠᠨ ᠢᠷᠡᠪᠡ᠃ ᠲᠡᠭᠡᠭᠡᠳ ᠲᠡᠷᠡ ᠲᠡᠷᠡ ᠬᠦ ᠪᠣᠭᠤᠨᠢ ᠰᠠᠷᠠᠪᠴᠢᠲᠤ ᠪᠠᠭᠤᠴᠠ ᠳᠠᠭᠠᠨ ᠣᠷᠤᠵᠤ ᠪᠢᠴᠢᠭ ᠮᠠᠲ᠋ᠧᠷᠢᠶᠠᠯ ᠢᠶᠠᠨ ᠭᠠᠯᠳᠠᠵᠤ ᠪᠠᠢᠲᠠᠯ᠎ᠠ ᠨᠢᠭᠡᠨ ᠤᠷᠪᠠᠭᠴᠢ ᠡᠭᠦᠳᠡ ᠶᠢ ᠨᠢ ᠢᠰᠭᠦᠯᠦᠨ ᠣᠷᠤᠵᠤ ᠢᠷᠡᠪᠡ᠃ ᠳ᠋ᠦᠸᠧ ᠰᠦᠩ ᠨᠢᠶᠠᠨ ᠰᠢᠯᠡᠭᠡᠭᠦᠷ ᠠᠳᠭᠤᠵᠤ ᠲᠡᠷᠡ ᠬᠦ ᠤᠷᠪᠠᠭᠴᠢ ᠶᠢ ᠴᠣᠬᠢᠭᠰᠠᠨ ᠳᠤ ᠡᠭᠦᠳᠡᠨ ᠭᠠᠳᠠᠨᠠᠬᠢ ᠴᠡᠷᠢᠭ ᠴᠠᠭᠳᠠᠭ᠎ᠠ ᠰᠦᠷᠦᠭᠯᠡᠨ ᠣᠷᠤᠵᠤ ᠢᠷᠡᠭᠡᠳ ᠲᠡᠭᠦᠨ ᠢ ᠪᠠᠷᠢᠪᠴᠢᠯᠠᠭᠰᠠᠨ ᠶᠤᠮ᠃ ᠭᠢᠨᠳᠠᠨ ᠤ ᠳᠣᠲᠤᠷ᠎ᠠ ᠳ᠋ᠦᠸᠧ ᠰᠦᠩ ᠨᠢᠶᠠᠨ ᠵᠦᠢᠯ ᠵᠢᠰᠦᠮ ᠦᠨ ᠡᠷᠡᠭᠦᠳᠡᠯᠭᠡ ᠶᠢ ᠠᠮᠰᠠᠭᠰᠠᠨ ᠪᠣᠯᠪᠠᠴᠤ ᠵᠣᠷᠢᠭ ᠵᠢᠪᠬᠤᠭ᠎ᠠ ᠶᠡᠷᠦ ᠨᠤᠭᠤᠷᠠᠭ᠎ᠠ ᠦᠭᠡᠢ᠃ ᠳᠠᠢᠰᠤᠨ ᠲᠡᠭᠦᠨ ᠢ ᠵᠠᠩ ᠽᠦᠸᠧ ᠯᠢᠨ ᠦ ᠣᠷᠳᠤᠨ ᠳ᠋ᠤ᠌ ᠠᠪᠠᠴᠢᠵᠤ ᠵᠦᠢᠯ ᠵᠢᠰᠦᠮ ᠢᠶᠡᠷ ᠰᠦᠷᠳᠡᠭᠦᠯᠭᠡ ᠦᠵᠡᠭᠦᠯᠵᠦ᠂ ᠠᠷᠭᠠᠳᠠᠨ ᠲᠠᠲᠠᠭᠰᠠᠨ ᠪᠣᠯᠪᠠᠴᠤ ᠲᠠᠢᠨ ᠶᠡᠷᠦ ᠭᠤᠢᠪᠢᠭ᠎ᠠ ᠦᠭᠡᠢ᠃ ᠶᠠᠷᠭᠠᠴᠢᠳ ᠲᠣᠬᠤᠢ ᠭᠠᠷᠤᠶ ᠤᠷᠲᠤ ᠲᠠᠪᠤᠨ ᠲᠡᠮᠦᠷ ᠬᠠᠳᠠᠭᠠᠰᠤ ᠪᠠᠷ ᠲᠡᠭᠦᠨ ᠢ ᠴᠢᠭᠤᠯᠤᠯᠲᠤ ᠬᠠᠭᠠᠯᠭ᠎ᠠ ᠶᠢᠨ ᠳ᠋ᠠ ᠵᠢᠩ ᠮᠧᠨ ᠬᠠᠭᠠᠯᠭ᠎ᠠ ᠶᠢᠨ ᠬᠣᠲᠠ ᠶᠢᠨ ᠬᠡᠷᠡᠮ ᠳᠡᠭᠡᠷ᠎ᠡ ᠬᠠᠲᠠᠵᠤ ᠠᠯᠠᠵᠠᠢ᠃ ᠲᠤᠬᠠᠶ ᠤ᠋ᠨ ᠵᠢᠯ ᠳᠦ ᠲᠡᠷᠡ ᠰᠠᠶᠢ 22 ᠨᠠᠰᠤᠲᠠᠢ ᠪᠢᠯᠡ᠃