ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠲᠠᠴᠠᠷ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠲᠠᠴᠠᠷ︵ ᠦᠬᠦᠵᠦ ᠲᠥᠷᠦᠭᠰᠡᠨ ᠣᠨ ᠵᠢᠯ ᠨᠢ ᠪᠠᠯᠠᠷᠬᠠᠢ ︶ ᠶᠡᠬᠡ ᠮᠣᠩᠭᠤᠯ ᠤ᠋ᠨ ᠥᠷᠯᠦᠭ ᠵᠠᠩᠵᠤᠨ᠂ ᠴᠢᠩᠭᠢᠰ ᠬᠠᠭᠠᠨ ᠤ ᠣᠳᠭᠤᠨ ᠳᠡᠭᠦᠦ ᠲᠡᠮᠦᠭᠡ ᠣᠳᠴᠢᠭᠢᠨ ᠤ ᠬᠥᠪᠡᠭᠦᠨ᠂ ᠪᠠᠭᠠᠲᠤᠷ ᠬᠦᠴᠦᠨ ᠲᠡᠢ᠂ ᠪᠠᠢᠯᠳᠤᠭᠠᠨ ᠳᠤᠷ ᠭᠠᠷᠮᠠᠭᠠᠢ᠂ ᠪᠠᠭ᠎ᠠ ᠶᠢᠨ ᠦᠶ᠎ᠡ ᠳᠡᠭᠡᠨ ᠬᠡᠪᠲᠡᠭᠦᠯ ᠪᠠᠢᠵᠠᠢ᠃ ᠲᠣᠯᠤᠢ ᠲᠥᠷᠦ ᠭᠦᠷᠦᠨ ᠦ ᠬᠢᠨᠠᠭᠴᠢ ᠪᠣᠯᠤᠭᠰᠠᠨ ᠬᠤᠭᠤᠴᠠᠭᠠᠨ ᠳᠤ ᠶᠠᠨᠵᠢᠩ ᠣᠷᠤᠨ ᠳ᠋ᠤ᠌ ᠬᠤᠯᠠᠭᠠᠢ ᠳᠡᠭᠡᠷᠡᠮ ᠰᠠᠮᠠᠭᠤᠷᠠᠨ ᠪᠠᠶᠠᠨ ᠰᠠᠷᠲᠠᠸᠠᠬᠢ ᠨᠠᠷ ᠢ ᠰᠦᠷᠳᠡᠭᠦᠯᠦᠭᠰᠡᠨ ᠳᠦ ᠲᠠᠴᠠᠷ ᠪᠣᠯᠤᠨ ᠶᠧᠯᠢᠤᠶ ᠴᠦᠰᠡᠢ ᠶᠢ ᠲᠣᠮᠢᠯᠠᠨ ᠬᠤᠯᠠᠭᠠᠢ ᠳᠡᠭᠡᠷᠡᠮ ᠢ ᠠᠷᠢᠯᠭᠠᠵᠤ᠂ ᠲᠠᠳᠠᠨᠤᠰ 16 ᠲᠦᠷᠦᠭᠦᠦ ᠶᠢ ᠨᠢ ᠠᠯᠠᠵᠤ ᠠᠶᠤᠯ ᠬᠥᠨᠦᠭᠡᠯ ᠢ᠋ ᠠᠷᠢᠯᠭᠠᠵᠠᠢ᠃ ᠥᠭᠡᠳᠡᠢ ᠬᠠᠭᠠᠨ ᠶᠡᠬᠡ ᠴᠡᠷᠢᠭ ᠳᠠᠢᠴᠢᠯᠠᠨ ᠠᠯᠲᠠᠨ ᠤᠯᠤᠰ ᠢ ᠳᠠᠢᠯᠠᠬᠤ ᠳᠤ ᠲᠠᠴᠠᠷ ᠳᠠᠭᠠᠵᠤ ᠮᠣᠷᠳᠠᠨ ᠴᠡᠷᠢᠭ ᠮᠣᠷᠢ ᠶᠢᠨ ᠳ᠋ᠦ᠋ ᠶᠤᠸᠠᠨᠱᠤᠸᠠᠢ ᠪᠣᠯᠵᠤ ᠭᠣᠣᠯ ᠤᠨ ᠵᠡᠭᠦᠨᠳᠡᠬᠢ ᠣᠯᠠᠨ ᠵᠧᠦ ᠵᠢᠶᠦ᠋ᠨ ᠢ ᠰᠢᠭᠦᠷᠳᠡᠨ ᠲᠦᠩᠭᠤᠸᠠᠨ ᠢ ᠡᠪᠳᠡᠵᠦ ᠱᠠᠨᠰᠢ ᠯᠦᠸᠧ ᠶᠠᠩ ᠢ ᠡᠵᠡᠯᠡᠵᠡᠢ᠃ ᠲᠣᠯᠤᠢ ᠾᠧᠨᠠᠨ ᠥᠭᠡᠳᠡ ᠴᠡᠷᠢᠭᠯᠡᠬᠦ ᠳᠦ ᠲᠠᠴᠠᠷ ᠥᠭᠡᠳᠡᠢ ᠬᠠᠭᠠᠨ ᠢ ᠳᠠᠭᠠᠵᠤ ᠬᠣᠶᠠᠷ ᠭᠣᠣᠯ ᠤᠨ ᠬᠣᠭᠤᠷᠤᠨᠳᠤ ᠹᠦ ᠶ᠋ᠢ ᠡᠪᠳᠡᠨ ᠪᠠᠢ ᠫᠥᠸᠧ ᠶ᠋ᠢ ᠭᠡᠲᠦᠯᠪᠡ᠃ ᠥᠭᠡᠳᠡᠢ ᠲᠠᠴᠠᠷ ᠨᠠᠷ ᠢᠶᠠᠷ ᠪᠢᠶᠠᠨᠯᠢᠶᠠᠩ ᠢ ᠪᠦᠰᠡᠯᠡᠨ ᠴᠣᠬᠢᠭᠤᠯᠤᠭᠰᠠᠨ ᠳᠤ ᠠᠯᠲᠠᠨ ᠤᠯᠤᠰ ᠤᠨ ᠴᠡᠷᠢᠭ  ᠯᠦᠭᠡ ᠨᠠᠨ ᠰᠢᠶᠦ᠋ᠨ ᠮᠧᠨ ᠬᠠᠭᠠᠯᠭᠠᠨ ᠳᠤ ᠨᠥᠷᠢᠯᠡᠨ ᠪᠠᠢᠯᠳᠤᠵᠠᠢ᠃ ᠠᠯᠲᠠᠨ ᠤᠯᠤᠰ ᠤᠨ ᠡᠵᠡᠨ ᠨᠢ ᠴᠠᠢᠵᠧᠤ ᠳᠤ ᠨᠡᠭᠦᠭᠰᠡᠨ ᠳᠦ ᠲᠠᠴᠠᠷ ᠴᠡᠷᠢᠭ ᠳᠠᠢᠴᠢᠯᠠᠨ ᠴᠠᠢᠵᠧᠤ ᠶᠢ ᠳᠣᠪᠲᠤᠯᠤᠭᠰᠠᠨ ᠶᠤᠮ᠃ ᠲᠠᠢᠽᠦ᠋ᠩ ᠦ᠋ᠨ ᠲᠠᠪᠤᠳᠤᠭᠠᠷ ᠣᠨ ︵ 1233 ︶ ᠤ ᠠᠷᠪᠠᠳᠤᠭᠠᠷ ᠰᠠᠷ᠎ᠠ ᠳᠤ ᠴᠠᠢᠵᠧᠤ ᠬᠣᠲᠠ ᠶᠢᠨ ᠬᠠᠶᠠᠭ᠎ᠠ ᠳᠤ ᠬᠦᠷᠴᠦ ᠬᠣᠷᠤᠭ᠎ᠠ ᠪᠡᠬᠢᠯᠡᠯᠲᠡ ᠪᠠᠢᠭᠤᠯᠵᠤ ᠤᠷᠲᠤ ᠬᠤᠭᠤᠴᠠᠭ᠎ᠠ ᠪᠠᠷ ᠪᠦᠰᠡᠯᠡᠬᠦ ᠪᠡᠷ ᠪᠡᠯᠡᠳᠭᠡᠵᠡᠢ᠃ 12 ᠰᠠᠷ᠎ᠠ ᠳᠤ ᠰᠦᠩ ᠤᠯᠤᠰ ᠤᠨ ᠮᠧᠩ ᠭᠦᠩ ᠦ᠋ᠨ ᠴᠡᠷᠢᠭ ᠴᠠᠢᠵᠧᠤ ᠳᠤ ᠬᠦᠷᠴᠦ ᠢᠷᠡᠭᠡᠳ ᠬᠣᠶᠠᠷ ᠴᠡᠷᠢᠭ ᠬᠠᠮᠲᠤᠷᠠᠨ ᠬᠣᠲᠠ ᠶᠢ ᠳᠠᠭᠠᠷᠢᠨ ᠴᠣᠬᠢᠭᠰᠠᠨ ᠢᠶᠠᠷ ᠲᠠᠢᠽᠦ᠋ᠩ ᠦ᠋ᠨ ᠵᠢᠷᠭᠤᠳᠤᠭᠠᠷ ᠣᠨ ︵ 1234 ︶ ᠤ ᠬᠣᠶᠠᠳᠤᠭᠠᠷ ᠰᠠᠷ᠎ᠠ ᠳᠤ ᠬᠣᠲᠠ ᠡᠪᠳᠡᠷᠡᠵᠦ᠂ ᠠᠯᠲᠠᠨ ᠤᠯᠤᠰ ᠤᠨ ᠲᠥᠷᠦ ᠮᠥᠬᠦᠵᠡᠢ᠃ ᠲᠠᠴᠠᠷ ᠳᠤᠮᠳᠠᠳᠤ ᠣᠷᠤᠨ ᠢ᠋ ᠳᠠᠷᠤᠩᠭᠤᠢᠯᠠᠨ ᠰᠠᠭᠤᠵᠤ᠂ ᠴᠡᠷᠢᠭ ᠢᠶᠡᠨ ᠬᠤᠪᠢᠶᠠᠨ ᠶᠡᠬᠡ ᠭᠣᠣᠯ ᠢ ᠰᠠᠬᠢᠭᠤᠯᠵᠤ ᠰᠦᠩ ᠤᠯᠤᠰ ᠤᠨ ᠴᠡᠷᠢᠭ ᠢ ᠬᠣᠷᠢᠭᠯᠠᠵᠠᠢ᠃ 6 ᠰᠠᠷ᠎ᠠ ᠳᠤ ᠰᠦᠩ ᠤᠯᠤᠰ ᠤᠨ ᠬᠢᠨ 10 ᠭᠠᠷᠤᠶ ᠲᠦᠮᠡᠨ ᠴᠡᠷᠢᠭ ᠦᠨ ᠬᠦᠴᠦ ᠪᠡᠷ ᠭᠤᠷᠪᠠᠨ ᠨᠡᠢᠰᠯᠡᠯ ᠢ ᠪᠤᠴᠠᠭᠠᠨ ᠠᠪᠴᠠᠢ᠃ ᠰᠦᠩ ᠤᠯᠤᠰ ᠤᠨ ᠴᠡᠷᠢᠭ ᠦᠨ ᠲᠠᠭᠠᠷᠢᠯᠲᠠ ᠶᠢ ᠰᠦᠢᠷᠡᠭᠦᠯᠬᠦ ᠶᠢᠨ ᠲᠥᠯᠦᠭᠡ ᠾᠧᠨᠠᠨ ᠢ ᠰᠠᠬᠢᠵᠤ ᠰᠠᠭᠤᠭ᠎ᠠ ᠰᠦᠪᠡᠭᠡᠳᠡᠢ᠂ ᠲᠠᠴᠠᠷ ᠬᠣᠶᠠᠭᠤᠯᠠ ᠴᠡᠷᠢᠭ ᠳᠠᠢᠴᠢᠯᠠᠨ ᠡᠮᠦᠨᠡᠰᠢ ᠪᠠᠭᠤᠪᠠ᠃ ᠲᠠᠴᠠᠷ ᠠᠨᠤ ᠯᠦᠸᠧ ᠶᠠᠩ ᠬᠣᠲᠠ ᠶᠢᠨ ᠵᠡᠭᠦᠨᠲᠡᠢ ᠴᠡᠷᠢᠭ ᠪᠦᠭᠭᠦᠵᠦ ᠰᠦᠩ ᠤᠯᠤᠰ ᠤᠨ ᠵᠠᠩᠵᠤᠨ ᠶᠠᠩ ᠢ ᠶᠢᠨ1.5 ᠲᠦᠮᠡᠨ ᠴᠡᠷᠢᠭ ᠢ ᠤᠰᠠᠳᠭᠠᠵᠠᠢ᠃ ᠲᠡᠭᠡᠭᠡᠳ ᠰᠦᠩ ᠤᠯᠤᠰ ᠤᠨ ᠭᠤᠷᠪᠠᠨ ᠨᠡᠢᠰᠯᠡᠯ ᠪᠤᠴᠠᠭᠠᠨ ᠠᠪᠬᠤ ᠭᠡᠰᠡᠨ ᠣᠷᠤᠯᠳᠤᠯᠭ᠎ᠠ ᠨᠢ ᠢᠯᠠᠭᠳᠠᠯ ᠢᠶᠠᠷ ᠳᠠᠭᠤᠰᠴᠠᠢ᠃ ᠲᠠᠢᠽᠦ᠋ᠩ ᠦ᠋ᠨ ᠳᠣᠯᠤᠳᠤᠭᠠᠷ ᠣᠨ ︵ 1235︶ ᠤ ᠬᠠᠪᠤᠷ᠂ ᠥᠭᠡᠳᠡᠢ ᠬᠠᠭᠠᠨ ᠡᠮᠦᠨᠡᠰᠢ ᠳᠠᠢᠯᠠᠬᠤ ᠳᠤ ᠲᠠᠴᠠᠷ ᠠᠨᠤ ᠬᠦᠴᠦ ᠶᠢᠨ ᠵᠢᠯᠤᠭᠤᠳᠤᠯᠭ᠎ᠠ ᠪᠠᠷ ᠴᠡᠷᠢᠭ ᠳᠠᠢᠴᠢᠯᠠᠨ ᠰᠢᠶᠠᠩ ᠶᠠᠩ ᠬᠣᠲᠠ ᠶᠢᠨ ᠬᠠᠶᠠᠭ᠎ᠠ ᠳᠤ ᠬᠦᠷᠴᠦ᠂ ᠰᠢᠶᠠᠩᠶᠠᠩ ᠢ ᠡᠵᠡᠯᠡᠨ ᠦᠯᠡᠮᠵᠢ ᠶᠡᠬᠡ ᠠᠮᠤ ᠪᠤᠳᠠᠭ᠎ᠠ᠂ ᠴᠡᠷᠢᠭ ᠦᠨ ᠬᠡᠷᠡᠭᠰᠡᠯ ᠢ ᠣᠯᠵᠠᠯᠠᠵᠠᠢ᠃ ᠰᠢᠶᠠᠨᠽᠦ᠋ᠩ ᠦᠨ ᠵᠢᠷᠭᠤᠳᠤᠭᠠᠷ ᠣᠨ ᠳᠤ︵1256︶ ᠮᠥᠩᠬᠡ ᠬᠠᠭᠠᠨ ᠬᠣᠶᠠᠷ ᠵᠠᠮ ᠤᠨ ᠴᠡᠷᠢᠭ ᠢ᠋ᠶ᠋ᠡᠷ ᠰᠦᠩ ᠤᠯᠤᠰ ᠢ ᠳᠠᠢᠯᠠᠬᠤ ᠳᠤ ᠲᠠᠴᠠᠷ ᠵᠡᠭᠦᠨ ᠵᠠᠮ ᠤᠨ 30 ᠲᠦᠮᠡᠨ ᠬᠤᠶᠠᠭ ᠴᠡᠷᠢᠭ ᠢ ᠳᠠᠢᠴᠢᠯᠠᠨ ᠵᠢᠩ ᠰᠢᠶᠠᠩ ᠢ ᠳᠠᠭᠠᠷᠢᠨ ᠳᠣᠪᠲᠤᠯᠪᠠ᠃ ᠳᠣᠯᠤᠳᠤᠭᠠᠷ ᠣᠨ ︵ 1257︶ ᠤ ᠨᠠᠮᠤᠷ ᠲᠠᠴᠠᠷ ᠤᠨ ᠴᠡᠷᠢᠭ ᠬᠠᠨᠵᠢᠶᠠᠩ ᠮᠥᠷᠡᠨ ᠳ᠋ᠦ᠍ ᠬᠦᠷᠴᠦ 10 ᠲᠦᠮᠡᠨ ᠮᠣᠷᠢᠲᠤ ᠴᠡᠷᠢᠭ ᠢᠶᠡᠷ ᠰᠢᠶᠠᠩᠶᠠᠩ᠂ ᠹᠠᠨᠴᠧᠩ ᠢ ᠴᠣᠬᠢᠭᠰᠠᠨ ᠳᠤ ᠰᠠᠷ᠎ᠠ ᠭᠠᠷᠤᠶ ᠪᠣᠷᠤᠭᠠᠨ ᠵᠤᠳ ᠪᠣᠯᠤᠭᠰᠠᠨ ᠲᠤᠯᠠ ᠠᠷᠭ᠎ᠠ ᠪᠤᠰᠤ ᠴᠡᠷᠢᠭ ᠢ᠋ᠶ᠋ᠡᠨ ᠲᠠᠲᠠᠵᠤ ᠬᠣᠢᠰᠢ ᠤᠬᠤᠷᠢᠪᠠ᠃ ᠮᠥᠩᠬᠡ ᠬᠠᠭᠠᠨ ᠨᠥᠭᠴᠢᠭᠰᠡᠨ ᠦ᠌ ᠳᠠᠷᠠᠭ᠎ᠠ ᠬᠠᠭᠠᠨ ᠰᠠᠭᠤᠷᠢᠨ ᠢ ᠪᠤᠯᠢᠶᠠᠯᠳᠤᠬᠤ ᠲᠡᠮᠡᠴᠡᠯ ᠳᠤᠮᠳᠠ ᠲᠠᠴᠠᠷ ᠬᠤᠪᠢᠯᠠᠢ ᠶᠢᠨ ᠲᠠᠯ᠎ᠠ ᠳᠤ ᠡᠷᠡᠰ ᠵᠣᠭᠰᠤᠵᠠᠢ᠃ ᠵᠦᠩ ᠲᠦᠩ ᠦᠨ ᠠᠩᠬ᠎ᠠ ᠣᠨ︵ 1260︶ ᠳᠤ ᠲᠠᠴᠠᠷ᠂ ᠬᠠᠲᠠᠨ ᠮᠡᠲᠦ ᠶᠢᠨ ᠲᠥᠷᠦᠯ ᠦᠨ ᠸᠠᠩ ᠨᠠᠷ ᠤᠨ ᠬᠠᠮᠲᠤ ᠰᠠᠨᠳᠤ ᠭᠡᠢᠪᠦᠩ ᠬᠦᠷᠳᠦ ᠪᠠᠯᠭᠠᠰᠤᠨ᠎ᠠ ᠶᠡᠬᠡ ᠬᠤᠷᠠᠯᠲᠠᠢ ᠬᠤᠷᠠᠯᠳᠤᠭᠤᠯᠵᠤ ᠬᠤᠪᠢᠯᠠᠢ ᠶᠢ ᠲᠡᠳᠭᠦᠨ ᠬᠠᠭᠠᠨ ᠰᠠᠭᠤᠷᠢᠨ᠎ᠠ ᠰᠠᠭᠤᠯᠭᠠᠵᠤ ᠬᠣᠵᠢᠮ ᠨᠢ ᠪᠠᠰᠠ ᠠᠷᠢᠭᠪᠦ᠋ᠬᠡ ᠶᠢ ᠳᠠᠢᠯᠠᠨ ᠲᠦᠪᠰᠢᠳᠭᠡᠬᠦ ᠲᠤᠯᠤᠯᠳᠤᠭᠠᠨ ᠳᠤ ᠣᠷᠤᠯᠴᠠᠵᠠᠢ᠃ ᠵᠦᠩ ᠲᠦᠩ ᠦᠨ ᠬᠣᠶᠠᠳᠤᠭᠠᠷ ᠣᠨ︵1261 ︶ ᠤ ᠨᠠᠮᠤᠷ ᠠᠷᠢᠭᠪᠦ᠋ᠬᠡ ᠳᠠᠬᠢᠨ ᠴᠡᠷᠢᠭ ᠳᠠᠢᠴᠢᠯᠠᠨ ᠰᠠᠨᠳᠤ ᠭᠡᠢᠪᠦᠩ ᠬᠦᠷᠳᠦ ᠪᠠᠯᠭᠠᠰᠤᠨ᠎ᠠ ᠰᠢᠬᠠᠨ ᠢᠷᠡᠭᠰᠡᠨ ᠳᠦ ᠬᠤᠪᠢᠯᠠᠢ ᠬᠠᠭᠠᠨ ᠴᠡᠷᠢᠭ ᠳᠠᠢᠴᠢᠯᠠᠨ ᠰᠢᠮᠥᠳᠥ ᠨᠠᠭᠤᠷ ᠲᠤ ᠤᠭᠲᠤᠨ ᠪᠠᠢᠯᠳᠤᠪᠠ᠃ ᠲᠠᠴᠠᠷ ᠲᠦᠮᠡᠨ ᠮᠣᠷᠢᠲᠤ ᠴᠡᠷᠢᠭ ᠳᠠᠢᠴᠢᠯᠠᠨ ᠲᠤᠯᠤᠯᠳᠤᠭᠠᠨ ᠳᠤ ᠣᠷᠤᠯᠴᠠᠵᠤ ᠠᠷᠢᠭᠪᠦ᠋ᠬᠡ ᠶᠢᠨ ᠴᠡᠷᠢᠭ ᠢ ᠶᠡᠬᠡᠳᠡ ᠡᠪᠳᠡᠵᠦ 5000 ᠭᠠᠷᠤᠶ ᠭᠠᠵᠠᠷ ᠬᠣᠯᠠ ᠭᠠᠷᠲᠠᠯ᠎ᠠ ᠨᠡᠬᠡᠮᠵᠢᠯᠡᠨ ᠴᠣᠬᠢᠵᠠᠢ᠃