ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ

ᠨᠡᠷ᠎ᠡ:

ᠴᠠᠩ ᠶᠣᠣ ᠭᠤᠸᠠᠩ

ᠴᠢᠨᠠᠷ ᠤᠨ ᠢᠯᠭᠠᠯ:

ᠨᠢᠭᠤᠴᠠ

ᠬᠠᠷᠢᠯᠴᠠᠬᠤ ᠬᠡᠯᠪᠡᠷᠢ:

ᠵᠣᠬᠢᠶᠠᠭᠴᠢ ᠶᠢᠨ ᠲᠠᠨᠢᠯᠴᠠᠭᠤᠯᠭ᠎ᠠ:

ᠴᠠᠩ ᠶᠣᠣ ᠭᠤᠸᠠᠩ ︵ 1929—— ︶ ᠳᠤᠮᠳᠠᠳᠤ ᠤᠯᠤᠰ ᠤᠨ ᠠᠷᠠᠳ ᠤᠨ ᠴᠢᠯᠥᠭᠡᠯᠡᠬᠦ ᠴᠡᠷᠢᠭ ᠦᠨ ᠥᠪᠦᠷ ᠮᠣᠩᠭᠤᠯ ᠤ᠋ᠨ ᠴᠡᠷᠢᠭ ᠦᠨ ᠲᠣᠭᠤᠷᠢᠭ ᠤᠨ ᠮᠣᠷᠢᠲᠤ ᠴᠡᠷᠢᠭ ᠦᠨ ᠪᠠᠢᠯᠳᠤᠭᠠᠨ ᠤ ᠭᠠᠪᠢᠶᠠᠲᠠᠨ᠃ ᠬᠠᠷᠠᠮᠥ᠋ᠷᠡᠨ ᠮᠤᠵᠢ ᠶᠢᠨ ᠳᠥᠷᠪᠡᠳ ᠦ᠋ᠨ ᠮᠣᠩᠭᠤᠯ ᠦᠨᠳᠦᠰᠦᠲᠡᠨ ᠦ ᠥᠪᠡᠷᠲᠡᠭᠡᠨ ᠵᠠᠰᠠᠬᠤ ᠰᠢᠶᠠᠨ ᠳᠤ ᠨᠤᠲᠤᠭ ᠲᠠᠢ᠂ ᠮᠣᠩᠭᠤᠯ ᠦᠨᠳᠦᠰᠦᠲᠡᠨ᠃ 1946 ᠣᠨ ᠳᠤ ᠴᠡᠷᠢᠭ ᠲᠦ ᠣᠷᠤᠵᠤ 1947 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠡᠷ ᠡᠯᠰᠡᠭᠳᠡᠵᠡᠢ᠃ 1949 ᠣᠨ ᠤ 5 ᠰᠠᠷ᠎ᠠ ᠶᠢᠨ 12 ᠤᠨ ᠡᠳᠦᠷ ᠥᠪᠦᠷ ᠮᠣᠩᠭᠤᠯ ᠤ᠋ᠨ ᠮᠣᠷᠢᠲᠤ ᠴᠡᠷᠢᠭ ᠦᠨ l  ᠳᠦᠭᠡᠷ ᠳ᠋ᠢᠸᠢᠽᠢ ᠶᠢᠨ 2 ᠳ᠋ᠤᠭᠠᠷ ᠬᠣᠷᠢᠶ᠎ᠠ ᠭᠣᠮᠢᠨᠳᠠᠩ ᠤᠨ ᠴᠡᠷᠢᠭ ᠦᠨ ᠬᠢᠵᠠᠭᠠᠷ ᠮᠣᠩᠭᠤᠯ ᠤ᠋ᠨ ᠮᠣᠷᠢᠲᠤ ᠴᠡᠷᠢᠭ ᠦᠨ ᠴᠤᠪᠤᠭ᠎ᠠ ᠠᠩᠭᠢ ᠶᠢᠨ ᠳᠡᠳ᠋ ᠰᠧᠯᠢᠩ ᠬᠣᠲᠣᠷᠢᠩᠭ᠎ᠠ ᠪᠣᠯᠤᠨ ᠲᠡᠭᠦᠨ ᠦ 4  ᠳᠦᠭᠡᠷ ᠰᠠᠯᠪᠤᠷᠢ ᠠᠩᠭᠢ ᠶᠢ ᠨᠡᠬᠡᠮᠵᠢᠯᠡᠨ ᠰᠥᠨᠦᠭᠡᠬᠦ ᠳ᠋ᠦ᠍ ᠴᠠᠩ ᠶᠣᠣ ᠭᠤᠸᠠᠩ ᠤᠨ ᠰᠤᠮᠤᠨ ᠠᠩᠭᠢ ᠨᠢ ᠬᠠᠢᠭᠤᠯ ᠤᠨ ᠡᠭᠦᠷᠭᠡ ᠶᠢ ᠭᠦᠢᠴᠡᠳᠭᠡᠨ ᠳᠠᠢᠰᠤᠨ ᠢ ᠰᠢᠷᠦᠭᠦᠨ ᠢᠶᠡᠷ ᠭᠠᠯᠯᠠᠵᠤ ᠬᠣᠢᠰᠢ ᠤᠬᠤᠷᠢᠭᠤᠯᠤᠨ ᠲᠤᠰ ᠬᠣᠷᠢᠶ᠎ᠠ ᠶᠢᠨ ᠶᠡᠷᠦᠩᠬᠡᠢ ᠲᠠᠭᠠᠷᠢᠯᠲᠠ ᠶᠠᠪᠤᠭᠤᠯᠵᠤ ᠳᠠᠢᠰᠤᠨ ᠢ ᠪᠤᠯᠲᠤ ᠪᠠᠷ ᠨᠢ ᠰᠥᠨᠦᠭᠡᠬᠦ ᠳ᠋ᠦ᠍ ᠲᠤᠢᠯ ᠤᠨ ᠠᠰᠢᠭᠲᠠᠢ ᠨᠥᠬᠦᠴᠡᠯ ᠢ᠋ ᠪᠦᠷᠢᠯᠳᠦᠭᠦᠯᠦᠨ ᠥᠭᠭᠦᠭᠰᠡᠨ ᠶᠤᠮ᠃ 1950 ᠣᠨ ᠤ 11 ᠰᠠᠷ᠎ᠠ ᠶᠢᠨ ᠳᠤᠮᠳᠠᠴᠢ ᠪᠠᠷ ᠴᠠᠩ ᠶᠣᠣ ᠭᠤᠸᠠᠩ ᠰᠤᠮᠤᠨ ᠠᠩᠭᠢ ᠪᠠᠨ ᠳᠠᠭᠠᠭᠤᠯᠵᠤ ᠴᠠᠬᠠᠷ ᠪᠠᠷᠠᠭᠤᠨ ᠭᠠᠷᠤᠨ ᠬᠣᠢᠲᠤ ᠬᠣᠰᠢᠭᠤᠨ ᠤ ᠲᠡᠮᠦᠷᠲᠡᠢ ᠨᠤᠲᠤᠭ ᠲᠤ ᠳᠠᠭᠠᠷᠢᠨ ᠣᠷᠤᠭᠠᠳ ᠭᠣᠮᠢᠨᠳᠠᠩ ᠤᠨ ᠦᠯᠡᠳᠡᠭᠳᠡᠯ ᠴᠡᠷᠢᠭ ᠢ ᠨᠡᠬᠡᠮᠵᠢᠯᠡᠨ ᠠᠷᠢᠯᠭᠠᠪᠠ᠃ ᠲᠡᠷᠡ 2 ᠲᠠᠰᠤᠭ ᠴᠡᠷᠢᠭ ᠳᠠᠭᠠᠭᠤᠯᠤᠨ ᠠᠭᠤᠯᠠᠷᠬᠠᠭ ᠣᠷᠤᠨ ᠳ᠋ᠤ᠌ ᠣᠷᠤᠵᠤ ᠲᠠᠩᠨᠠᠨ ᠪᠠᠢᠴᠠᠭᠠᠵᠤ ᠳᠠᠢᠰᠤᠨ ᠤ ᠨᠢᠭᠡᠨ ᠲᠠᠩᠨᠠᠭᠤᠯ ᠢ ᠠᠮᠢᠳᠤ ᠪᠠᠷ ᠪᠠᠷᠢᠪᠴᠢᠯᠠᠵᠤ ᠳᠠᠢᠰᠤᠨ ᠤ ᠨᠠᠢᠳᠠᠪᠤᠷᠢᠲᠤ ᠴᠢᠮᠡᠭᠡ ᠶᠢ ᠣᠯᠵᠤ ᠦᠯᠡᠳᠡᠭᠳᠡᠯ ᠳᠠᠢᠰᠤᠨ ᠢ ᠪᠤᠯᠲᠤ ᠪᠠᠷ ᠨᠢ ᠪᠠᠷᠢᠪᠴᠢᠯᠠᠪᠠ᠃ ᠴᠠᠩ ᠶᠣᠣ ᠭᠤᠸᠠᠩ ᠥᠪᠦᠷ ᠮᠣᠩᠭᠤᠯ ᠤ᠋ᠨ ᠮᠣᠷᠢᠲᠤ ᠴᠡᠷᠢᠭ ᠦᠨ 1  ᠳᠦᠭᠡᠷ ᠳ᠋ᠢᠸᠢᠽᠢ ᠶᠢᠨ 1᠂ 2 ᠳ᠋ᠤᠭᠠᠷ ᠬᠤᠭᠤᠴᠠᠭᠠᠨ ᠤ ᠭᠠᠪᠢᠶ᠎ᠠ ᠲᠡᠮᠳᠡᠭᠯᠡᠬᠦ ᠪᠠᠶᠠᠷ ᠤᠨ ᠶᠡᠬᠡ ᠬᠤᠷᠠᠯᠳᠤᠭᠠᠨ ᠳᠤ ᠤᠷᠢᠳ ᠬᠣᠵᠢᠳ ᠣᠷᠤᠯᠴᠠᠵᠤ ᠪᠠᠢᠯᠳᠤᠭᠠᠨ ᠤ ᠶᠡᠬᠡ ᠭᠠᠪᠢᠶ᠎ᠠ ᠶᠢ 2 ᠤᠳᠠᠭ᠎ᠠ ᠪᠠᠢᠭᠤᠯᠤᠭᠰᠠᠨ ᠪᠠᠢᠵᠠᠢ᠃